ᠨᠡᠪᠲᠡᠷᠡᠨ ᠤᠷᠤᠬᠤ
ᠦᠯᠢᠭᠡᠷ ᠡᠴᠡ ᠰᠡᠳᠦᠪᠯᠡᠭ᠍ᠰᠡᠨ ᠦᠨᠡᠨ ᠥᠭᠡ

ᠥᠯᠢᠭᠡᠷ ᠡᠭᠢᠯᠡᠭᠦ ᠦᠶ᠎ᠡ ᠳᠤ ᠠᠷᠠᠤᠨ ᠤᠨ ᠠᠮᠠ ᠪᠠᠷ ᠣᠯᠠᠮᠵᠢᠯᠠᠭᠳᠠᠨ ᠮᠠᠨᠤᠰ ᠤᠨ ᠦᠶ᠎ᠡ ᠳᠤ ᠢᠷᠡᠭ᠍ᠰᠡᠨ᠂ ᠭᠡᠪᠠᠴᠤ ᠥᠯᠢᠭᠡᠷ ᠨᠢ ᠦᠨᠡᠨ ᠪᠠᠢ᠌ᠵᠤ᠂ ᠦᠨᠡᠨ ᠶᠤᠰᠤ ᠶᠢᠨ ᠲᠦᠯᠦᠭᠡ ᠠᠷᠭ᠎ᠠ ᠦᠭᠡᠶ ᠥᠯᠢᠭᠡᠷ ᠪᠣᠯᠭᠠᠵᠤ ᠶᠠᠷᠢᠵᠤ ᠪᠠᠢ᠌ᠭ᠎ᠠ ᠳᠠᠷᠠ ᠦᠶ᠎ᠡ ᠶᠢᠨ ᠨᠡᠢ᠌ᠭᠡᠮ ᠶᠢᠨ ᠠᠷᠠᠤᠨ ᠲᠦᠮᠡᠨ ᠢ ᠪᠢᠰᠢᠷᠡᠭᠦ ᠦᠭᠡᠶ ᠪᠠᠢ᠌ᠬᠤ ᠶᠢᠨ ᠠᠷᠭ᠎ᠠ ᠦᠭᠡᠶ᠃

ᠭᠡᠳᠤᠨ ᠭᠦᠮᠤᠨ ᠣᠷᠤᠢ ᠶᠢᠨ ᠬᠤᠭᠤᠯᠠ ᠪᠠᠨ ᠢᠳᠠᠵᠤ ᠪᠠᠷᠠᠭᠠᠤᠨ ᠵᠤᠭᠤᠭ ᠳᠡᠯᠭᠡᠵᠤ ᠪᠠᠢ᠌ᠳᠠᠯ᠎ᠠ ᠰᠠᠭᠰᠠᠭᠤ ᠮᠠᠮ᠎ᠠ ᠭᠦᠯᠳᠦᠭᠡᠨᠡᠭ᠍ᠰᠡᠨ ᠣᠷᠤᠭᠤᠯ ᠲᠡᠶ ᠣᠷᠤᠵᠤ ᠢᠷᠠᠵᠤ ᠭᠡᠨ᠎ᠡ᠂ ᠨᠢᠭᠡ ᠨᠢ ᠮᠠᠮ᠎ᠠ ᠡᠴᠡ 《ᠣᠷᠤᠢ ᠶᠠᠮᠠᠷ ᠬᠤᠭᠤᠯᠠ ᠢᠳᠠᠪᠠ ︖》 ᠭᠡᠵᠤ ᠠᠰᠠᠭᠤᠬᠤᠯᠠᠷ 《ᠦᠴᠦᠭᠡᠳᠦᠷ ᠤᠨ ᠴᠢᠨᠠᠭᠰᠠᠨ ᠮᠢᠬ᠎ᠠ ᠶᠢ ᠦᠨᠦᠳᠤᠷ ᠳᠦᠩᠭᠡᠵᠢ ᠢᠳᠠᠵᠤ ᠪᠠᠷᠠᠵᠠᠢ》 ᠭᠡᠵᠤ ᠠᠵᠢᠭ ᠴᠤ ᠦᠭᠡᠶ ᠬᠠᠷᠢᠭᠤᠯᠵᠤ ᠭᠡᠨ᠎ᠡ᠂ ᠣᠳᠠᠯ ᠦᠭᠡᠶ ᠮᠠᠮ᠎ᠠ ᠶᠢᠨ ᠪᠠᠭ᠎ᠠ ᠭᠦᠤ ᠠᠮᠢᠰᠬᠤᠳᠠᠨ ᠭᠦᠶᠤᠨ ᠢᠷᠡᠭᠡᠳ 《ᠠᠪᠣ ᠡ ︕ ᠴᠢᠨᠤ ᠳᠠᠷᠠ ᠣᠷᠤᠭᠤᠯ ᠳᠠᠭᠠᠨ ᠲᠦᠯᠭᠢᠳᠡᠭ᠌ ᠭᠠᠬᠠᠢ ᠶᠢᠨ ᠠᠷᠠᠰᠤ ᠶᠢ ᠴᠢᠨᠢ ᠬᠠᠷ᠎ᠠ ᠠᠯᠠᠭ ᠬᠤᠯᠠᠭᠠᠢ᠌ᠯᠠᠨ ᠢᠳᠡᠴᠢᠭᠡᠵᠡᠢ ︕》 ᠭᠡᠵᠤ ᠰᠠᠠᠳᠤᠷᠤᠨ ᠭᠡᠯᠡᠵᠤ ᠭᠡᠨ᠎ᠡ᠃ ᠮᠠᠮ᠎ᠠ ᠰᠤᠨᠤᠰᠤᠭᠠᠤᠨ ᠠᠭᠤᠷ ᠨᠢ ᠭᠦᠷᠴᠤ ᠭᠦᠤ ᠪᠠᠨ ᠬᠤᠶᠠᠷ ᠠᠯᠠᠭᠠᠳᠠᠭᠠᠤᠨ 《ᠶᠠᠮᠠᠷ ᠭᠠᠬᠠᠢ ᠶᠢᠨ ᠠᠷᠠᠰᠤ》 ᠭᠡᠵᠤ ᠰᠠᠠᠳᠤᠷᠤᠨ ᠭᠡᠷ ᠵᠥᠭ᠌ ᠶᠢᠡᠨ ᠪᠣᠴᠠᠵᠤ ᠭᠡᠨ᠎ᠡ᠃

ᠶᠠᠮᠠᠷ ᠬᠠᠴᠢᠨ ᠶᠤᠮ ᠪᠣᠢ ︖ ᠭᠡᠵᠤ ᠳᠠ ᠨᠡᠷ ᠪᠣᠤ ᠪᠣᠳᠤ᠂ ᠡᠢ᠌ᠮᠤ ᠭᠦᠮᠤᠨ ᠨᠢᠭᠡ ᠪᠢᠰᠢ᠂ ᠡᠨᠡ ᠣᠳᠤ ᠶᠢᠨ ᠨᠡᠢ᠌ᠭᠡᠮ ᠳᠤ ᠵᠠᠬ᠎ᠠ ᠡᠴᠡ ᠳᠠᠷᠠᠭᠠᠯᠠᠨ ᠳᠤᠭᠠᠯᠠᠨ᠎ᠠ᠂ ᠡᠢ᠌ᠮᠤ ᠭᠦᠪᠰᠦᠷ ᠭᠦᠮᠤᠨ ᠢ ᠣᠳᠤ ᠶᠢᠨ ᠨᠡᠢ᠌ᠭᠡᠮ ᠬᠠᠮᠤᠭ ᠡᠴᠡ ᠢᠯᠡᠭᠦᠤ ᠵᠤᠬᠢᠶᠠᠨ ᠪᠦᠳᠦᠭᠡᠵᠤ ᠪᠠᠢ᠌ᠭ᠎ᠠ ᠶᠤᠮ᠃ ᠣᠯᠠᠨ ᠤ ᠡᠮᠦᠨ᠎ᠡ ᠨᠡᠷᠡᠯᠭᠡᠵᠤ᠂ ᠦᠪᠡᠷ ᠤᠨ ᠳᠤᠳᠠᠮᠠᠭ ᠶᠢᠡᠨ ᠪᠣᠰᠤᠳ ᠲᠤ ᠮᠡᠳᠡᠭᠦᠯᠭᠦ ᠦᠭᠡᠶ ᠶᠢᠨ ᠲᠦᠯᠦᠭᠡ᠂ ᠨᠠᠩ ᠭᠦᠡᠵᠡᠭᠡᠢ ᠰᠢᠭ᠌ ᠭᠡᠯᠡᠪᠠᠯ ᠣᠯᠠᠨ ᠲᠦᠮᠡᠨ ᠳᠤ ᠪᠠᠶ᠎ᠠ ᠪᠠᠨ ᠭᠠᠢ᠌ᠬᠠᠭᠤᠯᠬᠤ ᠶᠢᠨ ᠲᠦᠯᠦᠭᠡ᠂ ᠦᠭᠡᠶ ᠶᠠᠭᠤᠮ᠎ᠠ ᠪᠠᠨ ᠪᠠᠢ᠌ᠬᠤ ᠡᠴᠡ ᠢᠯᠡᠭᠦᠤ ᠮᠠᠵᠤᠯᠠᠨ᠂ ᠬᠤᠳᠠᠯ ᠭᠡᠯᠡᠭᠦ ᠳᠤ ᠨᠢᠳᠤ ᠴᠠᠪᠴᠢᠯ ᠦᠭᠡᠶ ᠰᠠᠭᠰᠠᠭᠤᠷᠠᠭᠴᠢᠳ ᠡᠳᠦᠷ ᠶᠠᠪᠣᠬᠤ ᠳᠤᠳᠤᠮ ᠣᠯᠠᠰᠢᠷᠠᠵᠤ ᠪᠠᠢ᠌ᠭ᠎ᠠ ᠨᠢ ᠭᠦᠮᠤᠨ ᠤ ᠦᠵᠡᠯ ᠣᠬᠠᠮᠰᠠᠷ ᠳᠤᠷᠣᠢ᠌ᠳᠠᠵᠤ ᠪᠠᠢ᠌ᠭ᠎ᠠ ᠶᠠᠪᠣᠳᠠᠯ ᠪᠢᠰᠢ᠂ ᠬᠠᠷᠢᠨ ᠡᠨᠡ ᠨᠡᠢ᠌ᠭᠡᠮ ᠳᠤ ᠦᠨᠡᠨ ᠶᠢᠡᠷ ᠶᠢᠡᠨ ᠶᠠᠪᠣᠪᠠᠯ ᠣᠯᠠᠨ ᠤ ᠳᠤᠭᠤᠭᠢ ᠪᠣᠯᠵᠤ᠂ ᠭᠡᠢ ᠬᠤᠭᠤᠰᠤᠨ ᠮᠠᠭᠳᠠᠭᠠᠯ ᠰᠠᠢ᠌ᠰᠢᠶᠠᠯ ᠪᠠ ᠬᠤᠳᠠᠯ ᠬᠠᠭᠤᠷᠮᠠᠭ ᠢᠨᠢᠶᠠᠳᠤ ᠮᠦᠰᠢᠶᠠᠯ ᠣᠯᠠᠨ ᠤ ᠳᠠᠭᠠᠰᠢᠶᠠᠯ ᠢ ᠣᠯᠵᠤ᠂ ᠥᠭᠡᠷ ᠳᠡᠷᠭᠡ ᠳᠠᠤᠯᠠᠢ ᠶᠢ ᠭᠦᠢᠴᠡᠨ᠎ᠡ ᠭᠡᠳᠡᠭ᠌ ᠡᠨᠡ ᠨᠡᠢ᠌ᠭᠡᠮ ᠳᠤ ᠬᠤᠳᠠᠯ ᠪᠣᠯᠵᠤ᠂ ᠳᠠᠷᠠ ᠦᠶ᠎ᠡ ᠶᠢᠨ ᠥᠯᠢᠭᠡᠷ ᠡᠨᠡ ᠡᠷᠡᠨ ᠤ ᠦᠨᠡᠨ ᠪᠣᠯᠵᠤ᠂ ᠡᠨᠡ ᠦᠶ᠎ᠡ ᠶᠢᠨ ᠦᠨᠡᠨ ᠵᠢᠩᠭᠢᠨᠢ ᠳᠡᠦᠭᠡ ᠪᠣᠯᠵᠤ ᠬᠤᠴᠤᠷᠤᠨ᠎ᠠ᠃   ᠭᠡᠢ ᠬᠤᠭᠤᠰᠤᠨ ᠶᠠᠭᠤᠮ᠎ᠠ ᠶᠢ ᠦᠨᠡᠨ ᠰᠢᠤᠬᠠᠨ ᠶᠠᠷᠢᠵᠤ᠂ ᠣᠯᠠᠨ ᠡᠴᠡ ᠣᠠᠴᠠᠭᠠᠢ᠌ᠷᠠᠬᠤ ᠶᠢᠨ ᠲᠦᠯᠦᠭᠡ᠂ ᠣᠯᠠᠨ ᠲᠦᠮᠡᠨ ᠳᠤ ᠪᠠᠶ᠎ᠠ ᠪᠠᠨ ᠭᠠᠢ᠌ᠬᠠᠭᠤᠯᠬᠤ ᠶᠢᠨ ᠲᠦᠯᠦᠭᠡ ᠨᠡᠷᠡᠯᠭᠡᠵᠤ ᠠᠭᠠᠰᠢᠯᠠᠳᠠᠭ ᠭᠦᠮᠤᠨ ᠠᠷᠪᠢᠳᠤᠵᠤ ᠪᠠᠢ᠌ᠭ᠎ᠠ ᠡᠨᠡ ᠨᠡᠢ᠌ᠭᠡᠮ ᠳᠤ ᠪᠢ ᠦᠨᠡᠨ ᠥᠭᠡ ᠪᠠᠨ ᠶᠠᠷᠢᠵᠤ ᠴᠢᠳᠠᠬᠤ ᠦᠭᠡᠶ ᠭᠠᠰᠢᠭᠤᠳᠠᠨ ᠪᠠᠢ᠌ᠭ᠎ᠠ᠂ ᠮᠢᠨᠤ ᠭᠦᠮᠤᠨ ᠤ ᠴᠢᠨᠠᠷ᠂ ᠭᠦᠮᠤᠨ ᠤ ᠦᠨᠦᠷ ᠨᠠᠮ᠎ᠠ ᠶᠢ ᠳᠠᠷᠴᠢᠯᠭᠠᠨ ᠵᠤᠪᠠᠭᠠᠵᠤ ᠳᠠᠮᠤᠯᠠᠨ᠎ᠠ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13896
ᠴᠠᠭ᠄ 2011 ᠤᠨ ᠤ 07 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ