ᠨᠡᠪᠲᠡᠷᠡᠨ ᠤᠷᠤᠬᠤ
ᠡᠩᠭᠡ ᠠᠮᠤᠭᠤᠯᠠᠩ ᠬᠠᠭᠠᠨ ᠡᠴᠠ ᠳᠤᠷᠭᠤᠳ ᠤᠨ ᠠᠶᠤᠭᠢ ᠬᠠᠭᠠᠨ ᠳᠤ ᠶᠠᠪᠣᠭᠤᠯᠤᠭᠰᠠᠨ ᠪᠢᠴᠢᠭ᠌

ᠮᠠᠲ᠋ᠸᠷᠢᠶᠠᠯ


     ᠬᠤᠸᠠᠩᠳᠢ ᠶᠢᠨ ᠵᠠᠷᠯᠢᠭ᠂ ᠳᠤᠷᠭᠤᠳ ᠤᠨ ᠠᠶᠤᠭᠢ ᠳᠤᠷ ᠪᠠᠭᠤᠯᠭᠠᠪᠠ᠃

     ᠪᠢ ᠳᠡᠯᠡᠭᠡᠢ ᠳ᠋ᠠᠭᠢᠨ ᠢ ᠨᠢᠭᠡᠳᠭᠡᠵᠤ ᠲᠦᠮᠡᠨ ᠣᠯᠤᠰ ᠢ ᠣᠯᠳᠤᠨ ᠵᠠᠰᠠᠬᠤᠢ ᠳᠤᠷ᠂ ᠢᠵᠠᠭᠤᠷ ᠡᠴᠠ ᠳᠤᠳᠤᠭᠠᠳᠤ ᠭᠠᠳᠠᠭᠠᠳᠤ ᠶᠢ ᠢᠯᠭᠠᠬᠤ ᠦᠭᠡᠶ ᠨᠢᠭᠡ ᠠᠳᠠᠯᠢ ᠦᠷᠤᠰᠢᠶᠠᠮᠤᠢ᠂ ᠭᠡᠷᠭᠢᠪᠠᠴᠤ ᠪᠠᠷ ᠬᠤᠶᠠᠷᠳᠠᠬᠤ ᠦᠭᠡᠶ᠃ ᠠᠶᠤᠭᠢ ᠴᠢᠨᠤ ᠠᠢ᠌ᠯᠠᠳᠬᠠᠭᠰᠠᠨ ᠪᠢᠴᠢᠭ᠌ ᠲᠤᠷ᠄ 《ᠠᠭᠤᠤ ᠽᠠᠮᠪᠣᠳᠢᠪ ᠲᠤᠷ ᠵᠠᠷᠯᠢᠭ ᠤᠨ ᠵᠠᠰᠠᠭ ᠶᠢᠡᠷ᠂ ᠠᠶᠤᠯ ᠦᠭᠡᠶ ᠠᠯᠳᠠᠨ ᠭᠦᠷᠳᠤ ᠣᠷᠭᠢᠬᠤ ᠯᠤᠭ᠎ᠠ ᠬᠠᠮᠳᠤ ᠨᠢᠭᠡᠨ᠎ᠡ᠂ ᠱᠠᠰᠢᠨ ᠠᠮᠢᠳᠠᠨ ᠤ ᠳᠤᠰᠠ ᠠᠮᠤᠭᠤᠯᠠᠩ ᠤᠨ ᠬᠠᠮᠤᠭ ᠭᠦᠰᠡᠯ ᠢ ᠬᠤᠷ᠎ᠠ ᠮᠠᠳᠤ ᠣᠷᠤᠭᠤᠯᠬᠤ》 ᠭᠡᠮᠡᠨ ᠰᠤᠨᠤᠰᠤᠮᠠᠭᠴᠠ ᠢᠯᠠᠳᠳᠠ ᠪᠠᠶᠠᠰᠪᠠ᠃

     ᠳᠠᠷᠠ ᠴᠤ ᠪᠦᠭᠦᠢ ᠡᠴᠠ ᠪᠣᠶᠠᠨ ᠢ ᠴᠠᠭ ᠲᠤ ᠪᠣᠮ ᠪᠣᠶᠠᠨ ᠢ ᠦᠭ‍ᠭᠦᠢ ᠰᠦᠨ ᠳᠠᠯᠠᠢ ᠡᠴᠠ ᠭᠡᠮᠵᠢᠶᠡᠯ ᠤᠨ ᠴᠠᠭ ᠲᠤᠷ᠂ ᠳᠡᠭᠦᠰ ᠳᠠᠭᠤᠰᠤᠭᠰᠠᠨ ᠢ ᠪᠠᠶᠠᠰᠬᠤᠯᠠᠩ ᠥᠵᠡᠭᠦᠯᠦᠭ᠍ᠴᠢ ᠬᠤᠯᠠ ᠡᠴᠠ ᠢᠷᠠᠨ ᠦᠢᠯᠡᠳᠬᠦᠢ ᠶᠢ᠂ ᠣᠭᠳᠠᠷᠭᠤ ᠶᠢᠨ ᠲᠦᠪ ᠡᠴᠠ ᠡᠷᠭᠡᠰᠢᠯ ᠦᠭ‍ᠭᠦᠢ ᠨᠤᠮ ᠳᠡᠭᠦᠰᠦᠭ᠍ᠰᠡᠨ ᠶᠡᠭᠡ ᠬᠠᠭᠠᠨ ᠤ ᠴᠢᠨᠠᠷ ᠲᠤ᠂ ᠪᠠᠶ᠎ᠠ ᠭᠡᠯᠡ ᠰᠡᠳᠭᠢᠯ ᠢ ᠡᠳᠦᠷ ᠪᠣᠯᠭᠠᠨ ᠣᠢ᠌ᠯᠠᠳᠦᠭᠴᠢ ᠭᠡᠮ ᠤᠨ ᠴᠢᠭᠤᠯᠭᠠᠨ ᠣᠭᠳᠠᠷᠭᠤ ᠶᠢᠨ ᠵᠠᠮ ᠢ ᠦᠨᠦᠷ ᠤᠨ ᠳᠠᠳᠤᠢ ᠡᠰᠡ ᠬᠠᠯᠳᠠᠭᠰᠠᠨ ᠨᠢ᠋ᠮᠠᠨ ᠡᠷᠭᠡ ᠦᠷᠭᠡᠵᠢᠭ᠍ᠰᠡᠨ ᠬᠠᠮᠤᠭ ᠡᠷᠳᠡᠮ ᠵᠢᠪᠬᠤᠯᠠᠩ ᠳ᠋ᠠᠷ᠎ᠠ ᠪᠦᠳᠦᠭ᠍ᠰᠡᠨ ᠤ ᠨᠢᠭᠤᠷ᠂ ᠳᠡᠭ᠍ᠷᠢ ᠶᠢᠨ ᠵᠠᠶᠠᠭᠠᠳᠤ ᠬᠠᠭᠠᠨ ᠳᠡᠭᠡᠳᠤ ᠮᠠᠠᠵᠤᠰᠢᠷᠢ ᠶᠢᠨ ᠰᠢᠷᠡᠭᠡᠨ ᠳᠤ ᠠᠶᠤᠯ ᠦᠭᠡᠶ ᠬᠠᠭᠠᠠᠴᠢᠨ ᠸᠴᠢᠷ ᠶᠠᠪᠣᠳᠠᠯ ᠬᠤᠤᠰᠯᠠᠨ ᠵᠠᠪᠢᠯᠠᠬᠤᠢ ᠯᠤᠭ᠎ᠠ ᠰᠠᠯᠳᠠ᠂ ᠠᠭᠤᠤ ᠡᠳ᠋ ᠪᠠᠷᠢᠭᠴᠢ ᠶᠢᠨ ᠬᠠᠮᠤᠭ ᠠᠭᠤᠤ ᠶᠢ ᠠᠮᠤᠭᠤᠯᠠᠩ ᠡᠴᠠ ᠠᠮᠤᠭᠤᠯᠠᠩ ᠳᠤᠷ ᠲᠡᠳᠬᠦᠭᠦᠢ ᠳᠠᠯᠠ ᠭᠡᠮᠡᠨ ᠥᠭᠡ ᠶᠢᠨ ᠦᠶ᠎ᠡ ᠶᠢ ᠰᠤᠨᠤᠰᠤᠭᠠᠤᠨ ᠴᠢᠭᠢᠨ ᠤ ᠰᠢᠮ᠎ᠠ ᠠᠪᠬᠤ ᠪᠣᠯᠬᠤ᠃ ᠬᠠᠮᠤᠭ ᠢ ᠠᠢ᠌ᠯᠠᠳᠤᠭᠴᠢ ᠪᠣᠷᠠᠮ ᠮᠤᠳᠤᠴᠢ ᠶᠢᠨ ᠦᠨᠢ ᠶᠤᠰᠤ ᠶᠢ ᠦᠴᠦᠭᠡᠨ ᠳᠤᠷᠠᠳᠤᠭᠴᠢ᠂ ᠭᠢᠵᠠᠭᠠᠷ ᠭᠠᠵᠠᠷ ᠤᠨ ᠳᠡᠭ᠍ᠰᠢ ᠣᠢ᠌ᠯᠠᠴᠢ ᠪᠢ ᠴᠤ ᠪᠠᠶ᠎ᠠ ᠠᠮᠤᠷ ᠮᠠᠠᠳᠤ᠃ ᠢᠳᠡᠭᠡᠯ ᠮᠠᠠᠵᠤᠰᠢᠷᠢ ᠨᠤᠮ ᠤᠨ ᠬᠠᠭᠠᠨ ᠽᠦᠩᠺᠠᠪᠠ ᠶᠢᠨ ᠱᠠᠰᠢᠨ ᠤ ᠦᠯᠮᠡᠢ ᠡᠷᠭᠦᠭᠦᠢ ᠭᠡᠷᠡᠭᠯᠡᠨ᠂ ᠦᠯᠦ ᠳᠤᠷᠣᠢ᠌ᠳᠠᠬᠤ ᠶᠢᠨ ᠳᠠᠳᠤᠢ ᠳᠤᠷ ᠣᠷᠤᠰᠢᠪᠠ᠃ ᠵᠠᠪᠰᠠᠷ ᠤᠨ ᠠᠢ᠌ᠯᠠᠳᠬᠠᠯ᠂ ᠡᠳᠦᠭᠡᠭᠢ ᠮᠦᠷ ᠲᠤᠷ ᠶᠡᠭᠡ ᠭᠡᠷᠡᠭ᠍ᠴᠢ ᠡᠯᠴᠢ ᠢᠯᠡᠭᠡᠭᠦ ᠣᠴᠢᠷ᠂ ᠸᠸᠢ ᠼᠠᠩ ᠳᠤᠷ ᠳᠡᠭ᠍ᠷᠢ ᠭᠦᠮᠤᠨ ᠢ ᠣᠳᠤᠷᠢᠳᠤᠭᠴᠢ ᠬᠠᠮᠤᠭ ᠢ ᠠᠢ᠌ᠯᠠᠳᠤᠭᠴᠢ ᠢᠯᠭᠤᠭᠰᠠᠨ ᠡᠷᠭᠡᠳᠤ ᠡᠴᠢᠭᠡ ᠭᠦᠪᠠᠭᠦᠨ ᠤ ᠪᠣᠶᠠᠨ ᠤ ᠳᠠᠷᠢᠶᠠᠯᠠᠩ ᠪᠣᠯᠤᠭᠰᠠᠨ ᠬᠤᠳᠤᠭᠳᠠᠨ ᠬᠤᠸᠠᠷᠠᠭ ᠠᠢ᠌ᠮᠠᠭ ᠯᠤᠭ᠎ᠠ ᠰᠠᠯᠳᠠ ᠳᠤᠷ ᠪᠣᠶᠠᠨ ᠤ ᠴᠢᠭᠤᠯᠭᠠᠨ ᠬᠤᠷᠠᠬᠤ ᠶᠢᠨ ᠳᠤᠯᠠ᠂ ᠠᠮᠢᠳᠠᠨ ᠨᠤᠭᠤᠳ ᠳᠠᠷᠠ ᠵᠥᠭ᠌ ᠲᠤᠷ ᠳᠠᠮᠵᠢᠬᠤᠨᠠ ᠶᠠᠮᠪᠠᠷ ᠪᠣᠯᠬᠤ᠂ ᠪᠣᠳᠢᠰᠤᠩ ᠠᠮᠢᠳᠠᠨ ᠤ ᠳᠤᠰᠠ ᠶᠢ ᠲᠠᠭᠠᠨ ᠳᠠᠵᠢᠶᠠᠵᠤ ᠡᠨᠡᠷᠢᠭᠦᠢ ᠭᠦᠴᠤᠨ ᠶᠡᠭᠡᠳᠡ ᠪᠢᠴᠢᠯᠠᠭᠴᠢ ᠡᠷᠭᠡ ᠣᠷᠴᠢᠭᠤᠯᠤᠭᠴᠢ ᠬᠠᠭᠠᠨ ᠤ ᠰᠠᠩᠰᠠᠷ ᠪᠠᠷᠢᠨ᠂ ᠳᠤᠭ᠎ᠠ ᠡᠴᠠ ᠨᠥᠭ᠍ᠴᠢᠭ᠍ᠰᠡᠳ ᠤᠨ ᠠᠢ᠌ᠮᠠᠭ ᠪᠣᠭᠤᠯ ᠯᠤᠭ᠎ᠠ ᠰᠠᠯᠳᠠ ᠳᠤ ᠠᠷᠪᠠᠨ ᠪᠣᠶᠠᠨ ᠤ ᠵᠠᠰᠠᠭ ᠰᠠᠯᠳᠠ ᠶᠢ ᠢᠯᠡᠷᠭᠡᠢ ᠥᠡᠳᠦᠷᠢᠦᠡᠭᠡᠨ ᠮᠠᠭᠠᠤᠨ ᠰᠠᠢ᠌ᠨ ᠢ ᠭᠡᠷᠡᠭᠯᠡᠨ ᠦᠢᠯᠡᠳᠬᠦ ᠮᠠᠳᠤ᠃ ᠶᠡᠭᠡ ᠬᠠᠭᠠᠨ ᠪᠠᠰᠠ ᠳᠠᠳᠠᠨ ᠯᠤᠭᠡ ᠶᠤᠰᠤᠨ ᠠᠢ᠌ᠯᠡᠭᠦᠢ ᠳᠡᠭᠡᠳᠤ ᠶᠡᠭᠡ ᠬᠤᠳᠤᠭᠳᠤ ᠳᠤᠷ ᠮᠠᠭᠠᠤᠨ ᠦᠭᠡᠶ ᠶᠢᠨ ᠳᠤᠯᠠ᠂ ᠣᠮᠳᠤᠭ᠎ᠠ ᠦᠭᠡᠶ ᠴᠤᠬᠠᠭ ᠳᠡᠭᠡᠳᠤ ᠯᠠᠮᠠ ᠳᠤ ᠪᠠᠷᠢᠨ ᠳᠡᠭᠡᠳᠤ ᠣᠳᠤᠷᠢᠳᠤᠭᠴᠢ ᠰᠢᠷ᠎ᠠ ᠮᠠᠯᠠᠭ᠎ᠠ ᠶᠢᠨ ᠱᠠᠰᠢᠨ ᠤ ᠦᠨᠢ ᠶᠤᠰᠤᠨ ᠳᠤ ᠭᠦᠡᠳᠦᠯᠡᠨ ᠠᠢ᠌ᠮᠠᠭ ᠯᠤᠭ᠎ᠠ ᠰᠠᠯᠳᠠ ᠬᠠᠮᠤᠭ ᠢ ᠣᠮ᠂ ᠰᠡᠭ᠍ᠰᠡᠷ ᠬᠤᠶᠠᠷ ᠢ ᠬᠤᠰᠯᠠᠨ ᠪᠠᠷᠢᠯᠳᠤᠭᠤᠯᠬᠤᠢ ᠰᠠᠢ᠌ᠨ ᠣᠢ᠌ᠯᠠ ᠰᠡᠳᠭᠢᠯ ᠤᠨ ᠴᠢᠨᠠᠷ ᠤᠨ ᠳᠠᠯᠠᠢ ᠳᠤ ᠣᠷᠢᠳᠤ ᠮᠠᠳᠤ ᠥᠭᠡ ᠠᠢ᠌ᠯᠠᠳᠬᠠᠪᠠ᠃ ᠰᠢᠳᠠᠷ ᠡᠯᠴᠢ ᠴᠤ ᠭᠡᠮᠡᠭᠦ ᠡᠭᠦᠨ ᠢ ᠢᠯᠡᠭᠡᠭᠦ ᠢᠭᠳᠠ ᠶᠢ ᠠᠮᠠᠨ ᠤ ᠮᠦᠷ ᠡᠴᠠ ᠡᠷᠭᠦᠭᠦ᠃ ᠢᠷᠡᠭᠦ ᠵᠤᠭᠢᠰᠳᠠᠢ ᠶᠢ ᠴᠤ ᠨᠠᠷᠠᠨ ᠰᠠᠷᠠᠨ ᠤ ᠶᠠᠪᠣᠳᠠᠯ ᠮᠠᠳᠤ ᠳᠠᠰᠤᠷᠠᠯ ᠦᠭᠡᠶ ᠶᠢ ᠠᠢ᠌ᠯᠠᠳᠬᠠᠭᠳᠤᠨ ᠭᠡᠮᠡᠵᠦᠭᠦᠢ᠃

     ᠠᠶᠤᠭᠢ ᠴᠢ ᠢᠵᠠᠭᠤᠷ ᠡᠴᠠ ᠭᠢᠴᠢᠶᠡᠩᠭᠦᠢ ᠡᠶ᠎ᠡ ᠪᠠᠷ ᠠᠮᠤᠭᠤᠯᠠᠩ ᠡᠷᠢᠨ ᠠᠯᠪᠠ ᠪᠠᠷᠢᠵᠤ ᠶᠠᠪᠣᠭᠰᠠᠨ ᠪᠦᠯᠦᠭᠡ᠃ ᠽᠸᠸᠠᠩ ᠷᠠᠪᠳᠠᠨ ᠳᠤᠷ ᠪᠣᠭᠤᠭᠳᠠᠵᠤ ᠡᠳᠦᠢ ᠴᠢᠭᠡ ᠵᠢᠯ ᠭᠦᠷᠴᠤ ᠢᠷᠠᠵᠤ ᠴᠢᠳᠠᠭᠰᠠᠨ ᠦᠭᠡᠶ᠃ ᠡᠳᠦᠭᠡ ᠨᠢᠭᠡᠨ ᠴᠢᠩ ᠰᠡᠳᠭᠢᠯ ᠶᠢᠡᠷ ᠣᠷᠤᠰ ᠤᠨ ᠭᠠᠵᠠᠷ ᠶᠢᠡᠷ ᠳᠤᠰᠬᠠᠢ᠌ᠯᠠᠨ ᠮᠢᠨᠤ ᠠᠮᠤᠭᠤᠯᠠᠩ ᠡᠷᠢᠨ᠂ ᠠᠯᠪᠠ ᠪᠠᠷᠢᠨ᠂ ᠴᠢᠨᠤ ᠰᠢᠳᠠᠷ ᠵᠠᠷᠤᠭᠴᠢ ᠰᠠᠮᠳᠠᠨ ᠳ᠋ᠠᠨ ᠢ ᠡᠯᠴᠢ ᠪᠣᠯᠭᠠᠵᠤ ᠵᠠᠷᠤᠭᠰᠠᠨ ᠳᠤ᠂ ᠪᠢ ᠶᠡᠭᠡᠳᠡ ᠰᠠᠢ᠌ᠰᠢᠶᠠᠮᠤᠢ᠃ ᠡᠢ᠌ᠮᠤ ᠶᠢᠨ ᠳᠤᠯᠠ᠂ ᠴᠢᠮᠠᠳᠤ ᠳᠤᠳᠤᠨ᠎ᠠ ᠭᠡᠰᠢᠭ᠌ ᠭᠦᠷᠳᠡᠭᠡᠨ ᠠᠯᠳᠠ ᠰᠦᠷᠴᠢᠭ᠍ᠰᠡᠨ ᠳᠠᠪᠢᠨ ᠯᠠᠩ ᠤᠨ ᠮᠦᠩᠭᠦᠨ ᠤ ᠳᠤᠩᠮᠤ ᠨᠢᠭᠡ᠂ ᠳᠠᠪᠢᠨ ᠯᠠᠩ ᠤᠨ ᠮᠦᠩᠭᠦᠨ ᠨᠠᠴᠠᠷ᠎ᠠ ᠨᠢᠭᠡ᠂ ᠴᠥᠭᠦᠴᠡ ᠨᠢᠭᠡ᠂ ᠠᠪᠳᠠᠯ ᠤᠨ ᠰᠡᠢ᠌ᠯᠦᠭ᠍ᠰᠡᠨ ᠡᠮᠡᠭᠡᠯ ᠨᠢᠭᠡ᠂ ᠵᠣᠢ᠌ᠯ ᠪᠦᠷᠢ ᠶᠢᠨ ᠥᠩᠭᠡ ᠶᠢᠨ ᠳᠤᠷᠭ᠎ᠠ ᠭᠤᠴᠢᠨ᠂ ᠬᠤᠶᠠᠷ ᠵᠠᠭᠤᠨ ᠪᠦᠰ᠂ ᠳᠦᠷᠪᠠᠨ ᠰᠠᠪᠠ ᠴᠠᠢ᠃ ᠳᠤᠷᠵᠢ ᠷᠠᠪᠳᠠᠨ᠂ ᠱᠠᠭᠳᠤᠷᠵᠠᠪ ᠳᠤᠷ ᠬᠤᠷᠢᠭᠠᠤᠨ ᠳᠤᠷᠭ᠎ᠠ᠂ ᠨᠢᠵᠢᠭᠡᠳ ᠵᠠᠭᠤᠨ ᠪᠦᠰ᠂ ᠳᠦᠷᠪᠠᠭᠡᠳ ᠰᠠᠪᠠ ᠴᠠᠢ ᠱᠠᠩᠨᠠᠪᠠ᠃ ᠴᠢᠨᠤ ᠵᠠᠷᠤᠭᠰᠠᠨ ᠡᠯᠴᠢ ᠰᠠᠮᠳᠠᠨ᠂ ᠰᠠᠴᠠᠨ ᠣᠮᠪᠣ᠂ ᠳᠠᠠᠵᠢᠨ ᠳ᠋ᠠᠨ ᠳᠤᠷ ᠮᠦᠩᠭᠦ᠂ ᠳᠤᠷᠭ᠎ᠠ᠂ ᠪᠦᠰ᠂ ᠴᠠᠢ ᠶᠢ ᠬᠠᠠᠳᠠᠯᠠᠨ ᠱᠠᠩᠨᠠᠪᠠ᠃

     ᠪᠠᠰᠠ ᠴᠢᠨᠤ ᠳᠡᠭᠦᠤ ᠶᠢᠨ ᠭᠦᠪᠠᠭᠦᠨ ᠠᠷᠠᠪᠵᠤᠷ ᠡᠭᠡ ᠯᠤᠭᠡ ᠪᠠᠨ ᠪᠠᠷᠠᠭᠤᠨ ᠭᠠᠵᠠᠷ ᠳᠤᠷ ᠣᠳᠴᠤ᠂ ᠡᠨᠡ ᠬᠤᠭᠤᠷᠤᠠᠳᠤ ᠽᠸᠸᠠᠩ ᠷᠠᠪᠳᠠᠨ ᠴᠢᠮ᠎ᠠ ᠯᠤᠭ᠎ᠠ ᠵᠤᠭᠢᠰ ᠦᠭᠡᠶ ᠶᠢᠨ ᠳᠤᠯᠠ ᠪᠣᠭᠤᠭᠳᠠᠵᠤ ᠬᠣᠢ᠌ᠰᠢ ᠣᠳᠪᠠᠴᠤ ᠪᠣᠯᠬᠤ ᠦᠭᠡᠶ ᠮᠤᠬᠤᠷᠳᠠᠵᠤ ᠭᠢᠶ᠎ᠠ ᠢᠤᠢ ᠺᠦᠸᠠᠨ ᠤ ᠭᠠᠳᠠᠨ᠎ᠠ ᠪᠦᠯᠦᠭᠡ᠃ ᠬᠣᠢ᠌ᠨ᠎ᠠ ᠨᠠᠮᠢ᠋ᠢ ᠡᠷᠢᠨ ᠮᠦᠷᠭᠦᠶ᠎ᠡ ᠢ᠌ᠷᠡᠭ᠍ᠰᠡᠨ ᠳᠤ᠂ ᠪᠢ ᠳᠡᠯᠡᠭᠡᠢ ᠳ᠋ᠠᠭᠢᠨ ᠤ ᠬᠠᠮᠤᠭ ᠠᠮᠢᠳᠠᠨ ᠤ ᠠᠵᠤ ᠳᠦᠷᠦᠭᠦᠯᠭᠦ ᠭᠦᠮᠦᠵᠢᠭᠦᠯᠭᠦ ᠳᠤᠷ ᠳᠤᠷᠠᠳᠠᠢ ᠶᠢᠨ ᠳᠤᠯᠠ᠂ ᠦᠴᠦᠭᠡᠨ ᠭᠦᠪᠠᠭᠦᠨ ᠠᠷᠠᠪᠵᠤᠷ ᠢ ᠪᠠᠢ᠌ᠰᠠ ᠪᠣᠯᠭᠠᠵᠤ᠂ ᠳᠠᠩ ᠰᠠᠷᠳᠠᠩ ᠳᠤᠷ ᠰᠠᠭᠤᠯᠭᠠᠵᠤ᠂ ᠵᠢᠯ ᠪᠦᠷᠢ ᠹᠦᠩᠯᠤ ᠮᠦᠩᠭᠦ᠂ ᠳᠤᠷᠭ᠎ᠠ ᠱᠠᠩᠨᠠᠵᠤ ᠠᠵᠤ ᠳᠦᠷᠦᠭᠦᠢ ᠶᠢ ᠣᠯᠭᠤᠭᠤᠯᠤᠨ ᠮᠠᠰᠢ ᠪᠠᠶᠠᠵᠢᠪᠠᠢ᠃ ᠪᠢ ᠴᠢᠨᠤ ᠢᠵᠠᠭᠤᠷ ᠡᠴᠠ ᠴᠢᠩ ᠦᠨᠡᠨ ᠭᠢᠴᠢᠶᠡᠩᠭᠦᠢ ᠡᠶ᠎ᠡ ᠪᠠᠷ ᠮᠢᠨᠤ ᠠᠮᠤᠭᠤᠯᠠᠩ ᠢ ᠡᠷᠢᠨ ᠠᠯᠪᠠ ᠪᠠᠷᠢᠨ ᠶᠠᠪᠣᠭᠰᠠᠨ ᠢ ᠰᠠᠨᠠᠵᠤ᠂ ᠠᠷᠠᠪᠵᠤᠷ ᠤᠨ ᠡᠴᠢᠭᠡ ᠭᠢᠭᠡᠳ ᠴᠢᠮ᠎ᠠ ᠡᠴᠠ ᠰᠠᠯᠵᠤ ᠵᠢᠯ ᠣᠳᠠᠪᠠ᠃ ᠶᠠᠮᠪᠠᠷ ᠠᠷᠭ᠎ᠠ ᠪᠠᠷ ᠭᠦᠷᠭᠡᠭᠦᠯᠤᠨ ᠢᠯᠡᠭᠡᠭᠦ ᠶᠠᠪᠣᠳᠠᠯ ᠢ ᠣᠷᠤᠰ ᠤᠨ ᠬᠤᠳᠠᠯᠳᠤᠭᠠᠴᠢᠨ ᠤ ᠳᠡᠷᠢᠭᠦᠨ ᠺᠠ᠎ ᠮᠢ ᠰᠠᠷ ᠡᠴᠠ ᠠᠰᠠᠭᠤᠭᠰᠠᠨ ᠳᠤᠷ᠂ ᠺᠠ᠎ ᠮᠢ ᠰᠠᠷ ᠭᠦᠷᠭᠡᠭᠦᠯᠵᠤ ᠪᠣᠯᠤᠮᠤᠢ ᠭᠡᠮᠡᠭ᠍ᠰᠡᠨ ᠤ ᠳᠤᠯᠠ᠂ ᠪᠢ ᠵᠠᠷᠯᠢᠭ ᠪᠠᠭᠤᠯᠭᠠᠵᠤ ᠠᠷᠠᠪᠵᠤᠷ ᠤᠨ ᠭᠦᠮᠤᠨ ᠢ ᠠᠪᠴᠤ ᠢᠷᠠᠵᠤ ᠣᠷᠤᠰ ᠲᠡᠶ ᠬᠠᠮᠳᠤ ᠢᠯᠡᠭᠡᠰᠦᠭᠡᠢ ᠭᠡᠮᠡᠨ ᠪᠣᠳᠤᠵᠤ ᠪᠠᠢ᠌ᠳᠠᠯ᠎ᠠ᠂ ᠴᠢᠨᠤ ᠵᠠᠷᠤᠭᠰᠠᠨ ᠡᠯᠴᠢ ᠰᠠᠮᠳᠠᠨ ᠳᠠᠨ ᠮᠢᠨᠤ ᠪᠣᠳᠤᠭᠰᠠᠨ ᠰᠠᠨᠠᠭᠰᠠᠨ ᠳᠤᠷ ᠨᠡᠢ᠌ᠯᠡᠭᠦᠯᠤᠨ ᠳᠤᠰᠢᠶᠠᠯᠳᠤᠨ ᠭᠦᠷᠴᠤ ᠢᠷᠠᠪᠠᠢ᠃

     ᠡᠢ᠌ᠮᠤ ᠶᠢᠨ ᠳᠤᠯᠠ᠂ ᠳᠤᠰᠬᠠᠢ᠌ᠯᠠᠨ ᠳᠡᠳ᠋ᠠᠯᠠᠭᠰᠠᠨ ᠪᠢᠴᠢᠭ᠌ ᠤᠨ ᠳᠡᠷᠢᠭᠦᠨ ᠤ ᠵᠡᠷᠭᠡ ᠪᠣᠯᠭᠠᠭᠰᠠᠨ ᠢᠠᠵᠢᠨ᠎ᠠ᠂ ᠢᠯᠭᠠᠭᠴᠢ ᠲᠦᠰᠢᠮᠠᠯ ᠠᠶᠠᠨ᠂ ᠳᠡᠮᠳᠡᠭᠯᠡᠭ᠍ᠴᠢ ᠲᠦᠰᠢᠮᠠᠯ ᠤᠨ ᠵᠡᠷᠭᠡ ᠪᠣᠯᠭᠠᠭᠰᠠᠨ ᠳᠤᠯᠢᠱᠠᠨ᠂ ᠠᠷᠪᠠᠨ ᠤ ᠳᠡᠷᠢᠭᠦᠨ ᠵᠠᠳᠤ᠂ ᠳᠠᠪᠣᠳᠤᠭᠠᠷ ᠵᠡᠷᠭᠡ ᠶᠢᠨ ᠲᠦᠰᠢᠮᠠᠯ ᠰᠥᠭᠡ ᠳᠠᠨ ᠳᠤᠷ ᠵᠠᠷᠯᠢᠭ ᠤᠨ ᠪᠢᠴᠢᠭ᠌ ᠪᠠᠷᠢᠭᠤᠯᠵᠤ᠂ ᠠᠷᠠᠪᠵᠤᠷ ᠤᠨ ᠭᠦᠮᠤᠨ ᠲᠡᠶ ᠬᠠᠮᠳᠤ ᠵᠠᠷᠤᠪᠠ᠃

                ᠡᠩᠭᠡ ᠠᠮᠤᠭᠤᠯᠠᠩ ᠤᠨ ᠳᠠᠪᠢᠨ ᠨᠢᠭᠡᠳᠦᠭᠡᠷ (1712) ᠣᠨ᠂ ᠵᠤᠨ ᠤ ᠳᠤᠮᠳᠠᠳᠤ ᠰᠠᠷ᠎ᠠ ᠶᠢᠨ ᠭᠤᠴᠢᠨ᠎ᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7441
ᠴᠠᠭ᠄ 2011 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ