ᠨᠡᠪᠲᠡᠷᠡᠨ ᠤᠷᠤᠬᠤ
ᠴᠢ ᠪᠢᠳᠠ ᠬᠤᠶᠠᠭᠤᠯᠠ

ᠭᠡᠷᠪᠡ ᠴᠢ ᠪᠢᠳᠠ ᠬᠤᠶᠠᠭᠤᠯᠠ

ᠣᠴᠠᠷᠠᠭᠰᠠᠨ ᠦᠭᠡᠶ ᠰᠠᠨ ᠪᠣᠯ

ᠭᠡᠨ ᠭᠡᠨ ᠶᠢᠡᠨ ᠳᠠᠨᠢᠬᠤ ᠴᠤ ᠥᠭᠡᠢ

ᠭᠡᠭᠡᠷ᠎ᠡ ᠶᠢᠨ ᠬᠤᠶᠠᠷ ᠢᠠᠵᠠᠭ᠎ᠠ ᠰᠢᠭ

ᠭᠡᠪ ᠶᠢᠡᠨ ᠰᠠᠭᠢᠵᠤ

ᠳᠤᠪᠣ ᠪᠠᠨ ᠪᠣᠷᠤᠯᠠᠭᠤᠯᠵᠤ

ᠭᠡᠢ᠌ᠷᠭᠡᠯ ᠳᠤᠭᠳᠤᠯᠤᠯ ᠳᠤ ᠭᠦᠭ᠍ᠰᠡᠭᠦ ᠥᠭᠡᠢ

ᠭᠡᠶ‍ᠦᠷᠡᠯ ᠭᠡᠮᠦᠷᠡᠯ ᠳᠤ ᠣᠷᠢᠶᠠᠭᠳᠠᠬᠤ ᠦᠭᠡᠶ

ᠭᠡᠵᠢᠶᠡᠳᠡ ᠳᠠᠢ᠌ᠪᠣᠩ ᠯᠠ ᠪᠠᠢ᠌ᠭ᠎ᠠ ᠳ᠋ᠠ︕


ᠭᠡᠷᠪᠡ ᠴᠢ ᠪᠢᠳᠠ ᠬᠤᠶᠠᠭᠤᠯᠠ

ᠳᠠᠨᠢᠯᠴᠠᠭᠰᠠᠨ ᠦᠭᠡᠶ ᠰᠠᠨ ᠪᠣᠯ

ᠰᠠᠷᠠᠭᠤᠯ ᠭᠡᠭᠡᠨ ᠽᠠᠮᠪᠣᠯᠢᠩ ᠳᠤ

ᠰᠡᠭᠦᠳᠡᠷ ᠳᠠᠭᠠᠯᠴᠠᠳᠠᠭ ᠢ ᠣᠬᠠᠭᠠᠷᠠᠬᠤ ᠴᠤ ᠥᠭᠡᠢ

ᠰᠠᠢ᠌ᠬᠠᠨ ᠬᠤᠷᠸ᠎ᠠ ᠶᠢᠨ ᠠᠮᠢᠳᠤᠷᠠᠯ ᠳᠤ

ᠰᠠᠭᠠᠷ ᠣᠯᠠᠨ ᠢ ᠳᠠᠨᠢᠳᠠᠭ ᠴᠤ ᠦᠭᠡᠶ

ᠰᠠᠨᠠᠯ ᠬᠠᠢ᠌ᠷ᠎ᠠ ᠶᠢᠨ ᠳᠡᠯᠡᠭᠡᠢ ᠳᠤ

ᠰᠡᠳᠭᠢᠯ ᠡᠮᠵᠡᠭ᠌ ᠢ ᠮᠡᠳᠡᠳᠡᠭ᠌ ᠴᠤ ᠦᠭᠡᠶ

ᠰᠠᠨᠠᠮᠰᠠᠷ ᠦᠭᠡᠶ ᠪᠢ ᠴᠢᠮ᠎ᠠ ᠳᠤ

ᠳᠤᠷᠠᠯᠠᠴᠢᠬᠠᠭᠰᠠᠨ ᠶᠢᠡᠨ ᠮᠡᠳᠡᠷᠡᠳᠡᠭ᠌ ᠴᠤ ᠥᠭᠡᠢ

ᠰᠠᠪᠠᠭ᠎ᠠ ᠦᠭᠡᠶ ᠳᠤᠭᠳᠠᠭᠤᠨ ᠯᠠ ᠪᠠᠢ᠌ᠭ᠎ᠠ ᠳ᠋ᠠ︕


ᠭᠡᠷᠪᠡ ᠴᠢ ᠪᠢᠳᠠ ᠬᠤᠶᠠᠭᠤᠯᠠ

ᠰᠠᠯᠠᠭ᠎ᠠ ᠵᠠᠮ ᠳᠤ ᠳᠦᠭᠡᠷᠢᠵᠤ

ᠰᠠᠯᠤᠯᠴᠠᠭᠰᠠᠨ ᠦᠭᠡᠶ ᠰᠠᠨ ᠪᠣᠯ

ᠰᠠᠨᠠᠨ᠎ᠠ ᠭᠡᠳᠡᠭ᠌ ᠦᠨᠡᠠᠴᠢ ᠰᠡᠳᠬᠢᠯᠭᠡ ᠵᠢᠨ

ᠱᠤᠷᠪᠣᠭ ᠭᠠᠰᠢᠭᠤᠨ ᠠᠮᠳᠠ ᠶᠢ ᠮᠡᠳᠡᠳᠡᠭ᠌ ᠴᠤ ᠥᠭᠡᠢ

ᠰᠠᠨᠠᠯ ᠮᠦᠷᠦᠭᠡᠳᠦᠯ ᠤᠨ ᠭᠦᠡᠳᠤ ᠰᠢᠨᠠᠯᠭᠠᠯ ᠳᠤ

ᠰᠡᠳᠭᠢᠯ ᠶᠢᠡᠷ ᠶᠢᠡᠨ ᠣᠨᠠᠳᠠᠭ ᠴᠤ ᠥᠭᠡᠢ

ᠠᠯᠳᠠᠵᠤ ᠶᠠᠪᠣᠭᠤᠯᠤᠭᠰᠠᠨ ᠠᠯᠳᠠᠬᠠᠨ ᠮᠦᠴᠡ ᠪᠠᠨ

ᠬᠠᠷᠠᠮᠨᠠᠵᠤ ᠬᠠᠷᠠᠮᠰᠠᠳᠠᠭ ᠴᠤ ᠦᠭᠡᠶ

ᠠᠯᠳᠠ ᠡᠴᠠ ᠦᠨᠡᠳᠠᠢ ᠠᠩᠬᠠᠨ ᠤ ᠬᠠᠢ᠌ᠷ᠎ᠠ ᠪᠠᠨ

ᠠᠷᠪᠠ ᠬᠤᠷᠢᠨ ᠵᠢᠯ ᠵᠢᠠᠷ

ᠬᠠᠷᠠᠰᠴᠤ ᠳᠤᠷᠠᠰᠳᠠᠭ ᠴᠤ ᠥᠭᠡᠢ

ᠠᠶᠠᠳᠠᠢ᠌ᠬᠠᠨ ᠯᠠ ᠪᠠᠢ᠌ᠭᠰᠠᠨ ᠪᠠᠢ᠌ᠭ᠎ᠠ ᠳ᠋ᠠ︕


ᠭᠡᠷᠪᠡ ᠴᠢ ᠪᠢᠳᠠ ᠬᠤᠶᠠᠭᠤᠯᠠ

ᠬᠠᠢ᠌ᠷ᠎ᠠ ᠨᠠᠢ᠌ᠷ ᠶᠢᠡᠨ ᠣᠯᠤᠯᠴᠠᠭᠠᠤᠨ

ᠬᠠᠯᠠᠭᠤᠨ ᠠᠮᠠᠷᠠᠭ ᠢᠨᠠᠭᠯᠠᠴᠢᠬᠠᠭᠰᠠᠨ ᠰᠠᠨ ᠪᠣᠯ

ᠬᠤᠤᠰᠯᠠᠨ ᠨᠢᠰᠭᠦ ᠬᠤᠨ ᠰᠢᠭ

ᠬᠤᠩᠭ᠋ᠤᠷ ᠰᠡᠳᠭᠢᠯ ᠶᠢᠡᠷ ᠶᠢᠡᠨ ᠢᠵᠢᠯᠢᠳᠦᠭᠡᠳ

ᠬᠤᠪᠳᠤᠯ ᠵᠢᠷᠦᠭᠡᠨ ᠳᠡᠭᠡᠨ ᠠᠭᠤᠰᠤᠯᠴᠠᠭᠠᠤᠨ

ᠬᠤᠷᠸ᠎ᠠ ᠶᠢᠨ ᠰᠠᠢ᠌ᠬᠠᠨ ᠪᠦᠭᠦᠨ ᠢ

ᠬᠤᠶᠠᠭᠤᠯᠠ ᠪᠠᠨ ᠡᠳ᠋ᠯᠡᠭᠡᠳ ᠵᠢᠷᠭᠠᠬᠤ ᠯᠠ ᠪᠠᠢ᠌ᠭᠰᠠᠨ ᠶᠤᠮ ᠡ︕


ᠭᠡᠳᠡᠯ᠎ᠡ ᠁ ᠴᠢ ᠪᠢᠳᠠ ᠬᠤᠶᠠᠭᠤᠯᠠ ᠁


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ