ᠨᠡᠪᠲᠡᠷᠡᠨ ᠤᠷᠤᠬᠤ
ᠨᠢᠯᠪᠣᠰᠤ

ᠨᠢᠯᠪᠣᠰᠤ ᠊᠊᠊᠊᠊᠊᠊᠊᠊᠊᠊᠊᠊᠊᠊

ᠡᠭᠡ ᠶᠢᠨ ᠵᠥᠭᠡᠯᠡᠨ ᠭᠡᠪᠠᠯᠢ ᠡᠴᠠ

ᠡᠨᠡᠭᠡᠨ ᠭᠦᠷᠦᠰᠤᠨ ᠳᠤ ᠣᠨᠠᠬᠤ ᠪᠠᠷ

ᠠᠭᠠᠷ ᠠᠮᠢᠰᠬᠤᠯ ᠤᠨ ᠰᠢᠷᠦᠭᠦᠨ ᠳ᠋ᠤ

ᠠᠭᠠᠰᠢ ᠪᠠᠨ ᠳᠠᠭᠠᠭᠤᠯᠵᠤ ᠢᠷᠡᠭ᠍ᠰᠡᠨ ᠳ᠋ᠠ

ᠨᠢᠴᠦᠭᠦᠨ ᠪᠠᠶ᠎ᠠ ᠪᠠᠨ ᠭᠠᠢ᠌ᠬᠠᠭᠤᠯᠵᠤ

ᠨᠢᠯᠪᠣᠰᠤ ᠪᠠᠷ ᠶᠢᠡᠨ ᠥᠯᠦᠭᠡᠢ ᠪᠠᠨ ᠳᠠᠨᠢᠭᠰᠠᠨ ᠶᠤᠮ


ᠦᠯᠦᠰᠴᠤ ᠪᠣᠢ ᠬᠤᠳᠤᠭᠠᠳᠤ ᠪᠠᠨ

ᠣᠭᠢᠯᠠᠬᠤ ᠪᠠᠷ ᠳᠤᠭᠢᠶ᠎ᠠ ᠥᠭ᠍ᠳᠡᠭ᠌ ᠶᠤᠮ

ᠡᠭᠡ ᠵᠢᠨ ᠰᠢᠷᠭᠠᠯ ᠣᠭᠤᠷᠠᠭ ᠢ

ᠡᠭᠡᠷ ᠳᠠᠳᠠᠨ ᠪᠠᠯᠭᠤᠳᠠᠭ ᠢ ᠳᠠᠨ

ᠭᠦᠮᠤᠨ ᠤ ᠬᠤᠪᠳᠤᠭ ᠬᠤᠪᠢᠠᠴᠢᠷ ᠢ

ᠭᠦᠳᠡᠰᠤᠨ ᠥᠯᠦᠭᠡᠢ ᠳᠤ ᠪᠠᠨ ᠰᠤᠷᠤᠭᠰᠠᠨ ᠶᠤᠮ

ᠬᠤᠪᠢ ᠵᠠᠶᠠᠭᠠᠨ ᠤ ᠭᠡᠰᠢᠭ᠌ ᠵᠢᠠᠨ

ᠭᠦᠮᠤᠨ ᠡᠴᠠ ᠬᠠᠷᠠᠮᠨᠠᠵᠤ ᠭᠦᠷᠳᠡᠭ᠍ᠰᠡᠨ ᠶᠤᠮ ︕


ᠨᠢᠯᠪᠣᠰᠤ ᠊᠊᠊᠊᠊᠊᠊᠊᠊᠊᠊᠊᠊᠊᠊

ᠮᠥᠯᠭᠦᠭᠡ ᠪᠠᠷ ᠶᠢᠡᠨ ᠭᠦᠯ ᠳᠤ ᠣᠷᠤᠳᠠᠭ

ᠮᠦᠩᠭᠦᠨ ᠳᠡᠯᠡᠭᠡᠢ ᠶᠢᠨ ᠵᠢᠮ᠎ᠠ ᠶᠤᠮ

ᠮᠥᠮᠥ ᠶᠢᠨ ᠬᠠᠢ᠌ᠷ᠎ᠠ ᠳᠤ ᠴᠠᠳᠴᠤ

ᠪᠠᠢ᠌ᠭᠠᠯᠢ ᠪᠠᠨ ᠡᠭᠢᠯᠡᠵᠤ ᠳᠠᠨᠢᠭᠰᠠᠨ ᠶᠤᠮ

ᠰᠠᠨᠠᠭ᠎ᠠ ᠳᠤᠠᠳᠠᠭᠤᠷ ᠪᠦᠭᠦᠨ ᠵᠢᠠᠨ

ᠴᠢᠷᠠᠢ ᠣᠯᠠᠢ᠌ᠯᠭᠠᠨ ᠴᠢᠷᠠᠯᠠᠵᠤ

ᠴᠠᠭᠠᠨ᠎ᠠ ᠨᠢ ᠭᠠᠷᠬᠤ ᠵᠠᠩ ᠵᠢᠠᠨ

ᠨᠢᠯᠪᠣᠰᠤ ᠪᠠᠷ ᠶᠢᠡᠨ ᠢᠯᠠᠯᠳᠠ ᠣᠯᠳᠠᠭ ᠲᠤ ᠪᠠᠨ

ᠭᠡᠯᠡ ᠳᠤ ᠣᠷᠤᠭ᠎ᠠ ᠦᠭᠡᠶ ᠬᠡᠦᠬᠡᠳ ᠤᠨ

ᠭᠡᠨᠡᠨ ᠴᠠᠭᠠᠨ ᠰᠡᠳᠭᠢᠯ ᠡ

ᠭᠡᠳᠡᠭᠡᠨᠡᠵᠤ ᠬᠠᠭᠤᠷᠬᠤ ᠶᠢ ᠳᠠᠭᠠᠭᠠᠬᠤ ᠥᠭᠡᠢ

ᠭᠡᠳᠡᠷᠭᠦ ᠪᠠᠨ ᠢᠨᠢᠶᠡᠳᠡᠭ᠌ ᠨᠢᠯᠪᠣᠰᠤ ᠡ ︕

ᠣᠭᠢᠯᠠᠵᠤ ᠪᠠᠢ᠌ᠮᠠᠠᠵᠢᠨ ᠭᠦᠮᠤᠨ ᠪᠣᠯᠬᠤ

ᠣᠢ᠌ᠯᠠᠷ ᠤᠨ ᠶᠡᠭᠡ ᠵᠠᠮ ᠡ

ᠮᠠᠢ᠌ᠯᠠᠵᠤ ᠪᠠᠢ᠌ᠮᠠᠠᠵᠢᠨ ᠮᠠᠯ ᠪᠣᠯᠬᠤ

ᠳᠤᠭᠤᠯᠬᠤ ᠶᠢᠨ ᠭᠡᠴᠡᠭᠦᠤ ᠳᠠᠪᠠᠭ᠎ᠠ ᠯᠠ ᠶᠤᠮ


ᠨᠢᠯᠪᠣᠰᠤ ᠊᠊᠊᠊᠊᠊᠊᠊᠊᠊᠊᠊᠊᠊᠊

ᠢᠮᠠᠭᠠᠨ ᠳᠠᠪᠠᠯ ᠤᠨ ᠳᠤᠯᠠᠭᠠᠴᠠᠨ ᠳ᠋ᠤ

ᠰᠤᠷᠤᠭᠴᠢ ᠶᠠᠪᠣᠭᠰᠠᠨ ᠠᠮᠢᠳᠤᠷᠠᠯ

ᠠᠭᠠᠭ ᠰᠢᠰᠢ ᠶᠢᠨ ᠰᠢᠮ᠎ᠠ ᠪᠠᠷ

ᠥᠯᠦᠰᠭᠡᠯ ᠶᠢᠡᠨ ᠳᠠᠷᠤᠭᠰᠠᠨ ᠣᠨ ᠵᠢᠠᠷ

ᠬᠠᠷ᠎ᠠ ᠪᠣᠷᠤ ᠶᠢᠨ ᠬᠤᠨᠤᠭ ᠵᠢᠠᠷ

ᠬᠤᠯᠠ ᠶᠢ ᠪᠣᠳᠤᠬᠤ ᠦᠭᠡᠶ ᠵᠢᠷᠭᠠᠳᠠᠭ

ᠬᠠᠠᠴᠤᠢ ᠰᠢᠮᠠᠯᠠᠨ ᠵᠤᠳᠤᠯᠳᠤᠳᠠᠭ

ᠬᠤᠵᠢᠭᠢᠷ ᠶᠢᠡᠨ ᠮᠠᠷᠳᠠᠭᠰᠠᠨ ᠨᠠᠰᠤ

ᠬᠠᠮᠠᠷ ᠶᠢᠡᠨ ᠳᠠᠯᠪᠢ ᠠᠪᠣᠭᠤᠯᠵᠤ

ᠨᠦᠵᠢ ᠪᠠᠨ ᠭᠤᠭᠤᠵᠢᠭᠤᠯᠳᠠᠭ ᠨᠠᠰᠤ

ᠡᠷ᠎ᠡ ᠶᠢᠨ ᠴᠢᠠᠳᠠᠰᠤ ᠳᠤ ᠵᠤᠭᠰᠤᠵᠤ

ᠠᠨᠢᠰᠬ᠎ᠠ ᠳᠤ ᠪᠠᠨ ᠰᠢᠩᠭᠡᠭᠡᠳᠡᠭ᠌ ᠨᠢᠯᠪᠣᠰᠤ

ᠪᠠᠭᠰᠢ ᠶᠢᠨ ᠵᠢᠮᠠᠯᠠᠯ ᠳᠠᠭᠠᠭᠠᠬᠤ ᠥᠭᠡᠢ

ᠵᠤᠪᠭᠢ ᠪᠠᠷ ᠭᠤᠭᠤᠵᠢᠳᠠᠭ ᠨᠢᠯᠪᠣᠰᠤ

ᠠᠭᠤᠴᠢᠯᠠᠯ ᠤᠨ ᠶᠡᠭᠡ ᠳᠠᠯᠠᠢ ᠪᠠᠷ

ᠠᠰᠬᠠᠷᠠᠵᠤ ᠪᠠᠭᠤᠳᠠᠭ ᠨᠢᠯᠪᠣᠰᠤ ᠡ


ᠨᠢᠯᠪᠣᠰᠤ ᠊᠊᠊᠊᠊᠊᠊᠊᠊᠊᠊᠊᠊᠊᠊

ᠡᠷ᠎ᠡ ᠥᠰᠦᠭᠡᠳ ᠢᠰᠡᠭᠡᠢ ᠰᠤᠨᠤᠪᠠᠯ

ᠡᠵᠢ ᠶᠢᠨ ᠮᠠᠩᠨᠠᠢ ᠳᠡᠨᠢᠭᠡᠷ ᠪᠣᠯᠳᠠᠭ

ᠦᠷᠴᠢᠭᠡᠯᠡᠭᠡᠰᠤ ᠪᠦᠷᠢ ᠶᠢᠨ ᠵᠠᠪᠰᠠᠷ ᠲᠤ ᠶᠠᠷᠤ ᠨᠢ

ᠣᠮᠤᠭᠰᠢᠯ ᠤᠨ ᠵᠤᠯᠠ ᠭᠡᠷᠡᠯᠳᠦᠳᠡᠭ᠌ ᠭᠡᠨ᠎ᠡ ᠯᠠᠢ

ᠠᠯᠤᠰ ᠤᠨ ᠬᠤᠯᠠ ᠳᠤ ᠵᠢᠭᠦᠷ ᠪᠦᠷᠢᠳᠦᠭ᠍ᠰᠡᠨ

ᠦᠷ᠎ᠡ ᠶᠢᠨ ᠶᠢᠡᠨ ᠬᠣᠢ᠌ᠨ᠎ᠠ ᠡᠴᠠ ᠰᠠᠴᠤᠯᠢ ᠡᠷᠭᠦᠵᠤ

ᠭᠦᠤ ᠶᠢᠨ ᠶᠢᠡᠨ ᠰᠡᠳᠭᠢᠯ ᠢ ᠵᠤᠪᠠᠭᠠᠴᠢᠬᠠᠨ᠎ᠠ ᠭᠡᠵᠤ

ᠳᠠᠪᠠᠭᠠᠨ ᠤ ᠡᠩᠭᠡᠷ ᠶᠢᠡᠷ ᠣᠨᠠᠭᠠᠳᠠᠭ ᠨᠢᠯᠪᠣᠰᠤ ᠡ

ᠬᠤᠯᠠ ᠳᠤ ᠶᠠᠪᠣᠭᠠᠤᠨ ᠡᠷᠳᠡᠮ ᠡᠪᠦᠷᠯᠡᠭ᠍ᠰᠡᠨ

ᠭᠦᠤ ᠪᠠᠨ ᠨᠢᠰᠦᠭᠡᠳ ᠢᠷᠡᠭᠦ ᠶᠢ ᠰᠠᠨᠠᠵᠤ

ᠭᠦᠳᠦᠯ ᠤᠨ ᠣᠪᠣᠭ᠎ᠠ ᠳᠤ ᠰᠤᠷᠠᠭ ᠰᠠᠷᠠᠪᠴᠢᠯᠠᠵᠤ

ᠭᠦᠭᠡᠷᠡᠭ᠍ᠰᠡᠨ ᠨᠢᠳᠤᠨ ᠳᠤ ᠨᠢ ᠵᠠᠢ᠌ᠷ ᠭᠦᠶ‍ᠦᠳᠡᠭ᠌

ᠡᠵᠢ ᠶᠢᠨ ᠡᠩᠭᠦᠷᠡᠢ᠌ᠭᠡᠨ ᠬᠠᠢ᠌ᠷ᠎ᠠ ᠭᠡᠳᠡᠭ᠌

ᠨᠢᠯᠪᠣᠰᠤ ᠳᠤ ᠪᠠᠨ ᠳᠠᠪᠳᠠᠵᠤ ᠬᠤᠨᠤᠳᠠᠭ ᠶᠤᠮ

ᠨᠡᠭᠡᠢ ᠳᠤ ᠳᠤᠷᠨᠢᠭᠰᠠᠨ ᠦᠷ᠎ᠡ ᠨᠢ ᠶᠠᠷᠤ

ᠨᠠᠰᠤᠨ ᠳᠤ ᠪᠠᠨ ᠨᠢᠯᠬ᠎ᠠ ᠬᠠᠷᠠᠭᠳᠠᠳᠠᠭ ᠶᠤᠮ


ᠨᠢᠯᠪᠣᠰᠤ ᠊᠊᠊᠊᠊᠊᠊᠊᠊᠊᠊᠊᠊᠊᠊

ᠠᠷᠪᠠᠨ ᠨᠢ᠋ᠮᠠᠳᠠᠢ

ᠨᠠᠰᠤ ᠲᠡᠶ ᠪᠠᠨ ᠴᠤᠭ

ᠠᠢ᠌ᠯ ᠤᠨ ᠭᠦᠤ ᠳ᠋ᠤ

ᠳᠤᠷᠠᠯᠠᠭᠰᠠᠨ ᠶᠢᠡᠨ ᠨᠢᠭᠡ

ᠠᠶᠤᠤᠯᠢᠬᠠᠢ ᠳᠤᠳᠤᠷ᠎ᠠ ᠪᠠᠨ

ᠪᠣᠭᠢᠨᠢᠳᠤᠯ ᠨᠢᠭᠤᠪᠴᠢᠯᠠᠬᠤ

ᠠᠯᠭᠠᠰᠠᠯ ᠤᠨ ᠭᠤᠪᠢ ᠪᠠᠷ

ᠪᠦᠮᠪᠦᠷᠢᠳᠡᠭ᠌ ᠨᠢᠯᠪᠣᠰᠤ ᠡ


ᠨᠢᠯᠪᠣᠰᠤ ᠊᠊᠊᠊᠊᠊᠊᠊᠊᠊᠊᠊᠊᠊᠊

ᠬᠠᠨᠢ ᠶᠢᠨ ᠵᠠᠶᠠᠭ᠎ᠠ ᠬᠠᠨᠢᠰᠴᠤ ᠢᠷᠡᠭᠦ ᠪᠠᠷ

ᠳᠤᠷᠠᠯᠠᠯ ᠤᠨ ᠣᠴᠢ ᠳᠤᠷᠮᠤᠯᠵᠢᠨ ᠣᠨᠠᠵᠤ

ᠳᠤᠭᠠᠳᠠᠢ ᠨᠠᠰᠤᠨ ᠤ ᠳᠤᠭᠠᠴᠠᠭ᠎ᠠ ᠪᠠᠨ ᠪᠣᠳᠤᠬᠤ

ᠳᠤᠯᠭ᠎ᠠ ᠶᠢᠨ ᠭᠠᠯ ᠢᠩᠭᠢᠵᠤ ᠳᠦᠷᠡᠯᠵᠡᠳᠡᠭ᠌

ᠡᠷ᠎ᠡ ᠨᠥᠭᠦᠷ ᠤᠨ ᠶᠢᠡᠨ ᠮᠦᠷᠤᠨ ᠳᠤ ᠨᠠᠯᠤᠷᠬᠠᠵᠤ

ᠢᠯᠴᠢᠳᠤ ᠠᠮᠢᠳᠤᠷᠠᠯ ᠤᠨ ᠡᠭᠡᠰᠢᠭ᠌ ᠲᠤ ᠰᠤᠭᠳᠤᠳᠠᠭ ᠵᠢᠠᠷ

ᠬᠠᠶᠠ ᠳᠤ ᠪᠠᠨ ᠪᠠᠰᠠ ᠪᠣᠭᠢᠨᠢᠳᠤᠭᠰᠠᠨ ᠰᠢᠨᠠᠯᠤᠭ᠎ᠠ ᠪᠠᠨ

ᠬᠠᠯᠠᠭᠤᠨ ᠡᠪᠦᠷ ᠲᠤ ᠨᠢ ᠳᠤᠰᠤᠯᠠᠩᠬᠠᠨ ᠣᠨᠠᠭᠠᠵᠤ

ᠡᠷ᠎ᠡ ᠨᠥᠭᠦᠷ ᠲᠤ ᠪᠠᠨ ᠢᠯᠪᠢᠭᠦᠯᠤᠨ ᠥᠨᠡᠷᠭᠡᠵᠤ

ᠢᠯᠳᠠᠮᠬᠠᠨ ᠣᠨᠠᠭᠠᠳᠠᠭ ᠵᠥᠭᠡᠯᠡᠨ ᠨᠢᠯᠪᠣᠰᠤ ᠡ

ᠠᠭᠤᠵᠢᠮᠬᠠᠨ ᠳᠠᠢ᠌ᠤᠠᠬᠤᠷᠠᠯ ᠤᠨ ᠶᠡᠭᠡ ᠳᠠᠯ᠎ᠠ ᠳ᠋ᠤ

ᠰᠠᠨᠠᠭ᠎ᠠ ᠪᠠᠨ ᠳᠡᠯᠡᠳᠡᠭ᠌ ᠰᠠᠢ᠌ᠬᠠᠨ ᠨᠢᠯᠪᠣᠰᠤ ᠡ


ᠨᠢᠯᠪᠣᠰᠤ ᠊᠊᠊᠊᠊᠊᠊᠊᠊᠊᠊᠊᠊᠊᠊

ᠪᠢᠳᠡᠭᠦᠭᠡᠨ ᠵᠤᠪᠠᠯᠠᠩ ᠢ ᠰᠡᠳᠭᠢᠯ ᠳᠤ ᠪᠠᠨ ᠪᠠᠭᠳᠠᠭᠠᠵᠤ

ᠪᠠᠭ᠍ᠳᠡᠷᠡᠭ᠍ᠰᠡᠨ ᠭᠤᠨᠢᠭ ᠢ ᠳᠤᠳᠤᠷ᠎ᠠ ᠪᠠᠨ ᠵᠠᠯᠭᠢᠳᠠᠭ

ᠪᠣᠰᠤᠭ᠎ᠠ ᠵᠤᠷᠢᠭ ᠶᠢᠡᠷ ᠶᠢᠡᠨ ᠥᠭ᠍ᠰᠦᠵᠤ ᠪᠣᠰᠳᠠᠭ

ᠡᠷ᠎ᠡ ᠵᠠᠩᠭᠢᠶᠠᠰᠤ ᠲᠡᠶ ᠨᠢᠭᠤᠴᠠᠬᠠᠨ ᠨᠢᠯᠪᠣᠰᠤ ᠡ


ᠨᠢᠯᠪᠣᠰᠤ ᠊᠊᠊᠊᠊᠊᠊᠊᠊᠊᠊᠊᠊᠊᠊

ᠪᠣᠷᠬᠠᠨ ᠣᠷᠤᠨ ᠳᠤ ᠪᠣᠷᠬᠠᠯᠠᠭᠰᠠᠨ

ᠠᠪᠣ ᠡᠵᠢ ᠪᠠᠨ ᠰᠠᠨᠠᠬᠤ ᠳ᠋ᠤ

ᠠᠴᠢ ᠶᠢ ᠨᠢ ᠳᠤᠳᠠᠭᠤ ᠬᠠᠷᠢᠭᠤᠯᠤᠭᠰᠠᠨ ᠰᠢᠭ

ᠦᠷ᠎ᠡ ᠶᠢᠨ ᠰᠡᠳᠭᠢᠯ ᠨᠢᠯᠪᠣᠰᠤᠷᠠᠰᠢᠳᠠᠭ


ᠳᠡᠭᠡᠳᠤ ᠶᠢᠨ ᠶᠡᠭᠡ ᠪᠣᠷᠬᠠᠨ

ᠳᠡᠷᠭᠡᠳᠡ ᠮᠢᠨᠢ ᠪᠠᠢ᠌ᠭᠰᠠᠨ ᠶᠢᠡᠨ ᠣᠬᠠᠵᠤ

ᠳᠦᠭᠦᠮᠭᠡᠨ ᠪᠣᠭᠤᠨᠢ ᠠᠮᠢᠳᠤᠷᠠᠯ ᠵᠢᠠᠷ

ᠳᠠᠭᠢᠵᠤ ᠢᠷᠡᠳᠡᠭ᠌ ᠦᠭᠡᠶ ᠨᠢᠯᠪᠣᠰᠤ ᠡ ᠁


ᠨᠢᠯᠪᠣᠰᠤ ᠦᠶ᠎ᠡ ᠵᠠᠯᠭᠠᠳᠠᠭ ᠢ

ᠨᠢᠳᠤ ᠡᠴᠠ ᠪᠠᠨ ᠣᠩᠰᠢᠵᠤ ᠰᠤᠷᠤᠭᠰᠠᠨ ᠶᠤᠮ

ᠨᠢᠭᠤᠴᠠ ᠭᠠᠳᠠᠨᠠᠭᠢᠨ ᠠᠮᠢᠳᠤᠷᠠᠯ ᠳ᠋ᠤ

ᠨᠢᠯᠪᠣᠰᠤᠷᠠᠰᠢᠬᠤ ᠶᠢᠨ ᠣᠬᠠᠭᠠᠨ ᠢ ᠳᠠᠨᠢᠭᠰᠠᠨ ᠶᠤᠮ ︕


2012 . 3 .7 ᠬᠦᠬᠡᠬᠤᠲᠠ ᠳ᠋ᠤ





ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2680
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ