ᠨᠡᠪᠲᠡᠷᠡᠨ ᠤᠷᠤᠬᠤ
ᠪᠦᠰᠡᠭᠦᠢ᠌ᠴᠦᠳ

ᠠᠯᠢᠶᠠᠯᠠᠬᠤ ᠳᠠᠭᠠᠨ ᠠᠭᠤᠯᠠᠨ ᠰᠤᠭᠤ ᠰᠢᠭ

ᠠᠭᠠᠰᠢ ᠳᠡᠭ᠍ᠵᠢᠨ ᠵᠢᠷᠤᠭ ᠪᠣᠯ ᠪᠦᠰᠡᠭᠦᠢ᠌ᠴᠦᠳ︕

ᠠᠪᠢᠶᠠᠰᠯᠠᠬᠤ ᠳᠠᠭᠠᠨ ᠣᠰᠤᠨ ᠤ ᠬᠤᠨ ᠰᠢᠭ

ᠣᠶᠠᠬᠠᠨ ᠭᠤᠸᠠᠯᠢᠭ ᠪᠦᠵᠢᠭ᠌ ᠪᠣᠯ ᠪᠦᠰᠡᠭᠦᠢ᠌ᠴᠦᠳ︕

ᠠᠮᠢᠳᠤᠷᠠᠯ ᠤᠨ ᠳᠦᠯᠦᠭᠡ

ᠠᠭᠠᠰᠢ ᠳᠤᠭᠰᠢᠷᠠᠵᠤ ᠴᠢᠷᠠᠢ ᠪᠠᠷᠣᠢ᠌ᠳᠠᠭ

ᠭᠡᠴᠡᠭᠦᠤ ᠳᠠᠷᠠ ᠠᠭᠤᠷ ᠪᠣᠯ ᠪᠦᠰᠡᠭᠦᠢ᠌ᠴᠦᠳ︕

ᠠᠮᠠᠷᠠᠭ ᠤᠨ ᠶᠢᠡᠨ ᠳᠦᠯᠦᠭᠡ

ᠰᠠᠤᠠᠭᠢᠯ ᠳᠤᠭᠳᠤᠯᠵᠤ ᠵᠢᠷᠭᠠᠯ ᠪᠦᠷᠢᠳᠡᠭ᠌

ᠭᠦᠭᠡᠷᠦᠭᠦᠨ ᠳᠠᠷᠠ ᠳᠤᠭᠤᠷ ᠪᠣᠯ ᠪᠦᠰᠡᠭᠦᠢ᠌ᠴᠦᠳ︕

ᠳᠦᠯᠭᠡᠨ ᠨᠠᠢ᠌ᠷᠰᠠᠭ᠂   ᠲ᠋ᠤᠳᠤᠨᠤ ᠬᠠᠯᠠᠭᠤᠮᠰᠤᠭ

ᠳᠦᠷᠪᠡᠨ ᠵᠥᠭ᠌ ᠤᠨ ᠳᠡᠭ᠍ᠷᠢ ᠰᠢᠳᠤᠵᠤ ᠣᠷᠭᠤᠭᠰᠠᠨ

ᠴᠡᠴᠡᠭ᠌ ᠪᠣᠯ ᠪᠦᠰᠡᠭᠦᠢ᠌ᠴᠦᠳ︕

ᠡᠶᠡᠪᠠᠷᠭᠦᠤ ᠵᠥᠭᠡᠯᠡᠨ᠂   ᠡᠨᠡᠷᠢᠩᠭᠦᠢ ᠨᠥᠭᠦᠷᠰᠡᠭ᠌

ᠨᠢ᠋ᠮᠠᠨ ᠵᠤᠪᠭᠢᠰ ᠤᠨ ᠰᠠᠤᠠᠭᠢᠯ ᠳᠠᠯᠠᠵᠤ ᠣᠷᠢᠠᠰᠠᠭᠰᠠᠨ

ᠰᠠᠯᠭᠢ ᠪᠣᠯ ᠪᠦᠰᠡᠭᠦᠢ᠌ᠴᠦᠳ︕

ᠵᠡᠭᠦᠳᠤᠨ ᠴᠢᠯᠦᠭᠡᠨ ᠳᠤ

ᠣᠷᠠᠨ ᠳᠠᠯᠮᠢᠶᠠᠷ ᠣᠶᠠᠨ ᠭᠦᠪᠰᠦᠭᠡᠷ

ᠳᠡᠭ᠍ᠳᠡᠨ ᠢᠷᠠᠵᠤ ᠭᠢᠯᠠᠰᠤᠨ ᠣᠤᠠᠬᠤ

ᠰᠠᠷᠠ ᠪᠣᠯ ᠪᠦᠰᠡᠭᠦᠢ᠌ᠴᠦᠳ︕

ᠳᠠᠠᠵᠢᠨ ᠡᠯᠢᠭᠡᠨ ᠳᠤ

ᠰᠡᠷᠭᠦᠯᠡᠩ ᠨᠤᠮᠦᠢ ᠰᠡᠴᠡᠷᠭᠡᠭ᠌ ᠳᠤᠭᠤᠢ

ᠳᠤᠶ‍ᠢᠬᠠᠨ ᠴᠡᠮᠴᠡᠭᠡᠨᠡᠵᠤ ᠳᠤᠨᠢᠭᠠᠷᠠᠨ ᠳᠤᠮᠪᠣᠢ᠌ᠬᠤ

ᠳᠠᠭᠳᠠᠭ᠎ᠠ ᠪᠣᠯ ᠪᠦᠰᠡᠭᠦᠢ᠌ᠴᠦᠳ︕

ᠢᠳᠡᠭᠡᠯ ᠭᠦᠰᠡᠯ ᠤᠨ ᠨᠠᠷᠠ ᠳᠤᠰᠤᠭᠰᠠᠨ

ᠡᠮᠵᠡᠭ᠌ ᠪᠣᠯᠪᠠᠷᠠᠢ ᠵᠢᠦᠡᠭᠦᠯ ᠤᠨ ᠳᠠᠭᠤᠴᠢ

ᠪᠦᠭᠦᠢᠯᠡ ᠬᠤᠷᠸ᠎ᠠ ᠶᠢᠨ ᠬᠠᠢ᠌ᠷ᠎ᠠ ᠪᠣᠯ ᠪᠦᠰᠡᠭᠦᠢ᠌ᠴᠦᠳ︕

ᠡᠩᠭᠡ ᠳᠠᠢ᠌ᠪᠣᠩ ᠤᠨ ᠳᠤᠯᠭ᠎ᠠ ᠰᠠᠭᠢᠭᠰᠠᠨ

ᠡᠩᠭᠦᠷᠡᠢ ᠭᠦᠭᠡᠷᠦᠭᠦᠨ ᠰᠠᠤᠠᠭᠢᠯ ᠤᠨ ᠭᠠᠯᠴᠢ

ᠪᠦᠭᠦᠰᠢ ᠦᠭᠡᠶ ᠵᠤᠯᠠ ᠪᠣᠯ ᠪᠦᠰᠡᠭᠦᠢ᠌ᠴᠦᠳ︕

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 3871
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ