ᠨᠡᠪᠲᠡᠷᠡᠨ ᠤᠷᠤᠬᠤ
ᠳᠠᠪᠠᠭ᠎ᠠ ᠶᠢᠨ ᠳᠤᠬᠠᠢ ᠪᠢᠴᠢᠯᠭᠡ

ᠠᠭᠤᠯᠠ ᠣᠰᠤᠨ ᠤ ᠪᠠᠷᠳᠠᠭ᠎ᠠ ᠶᠢ ᠳᠤᠭᠤᠯᠤᠨ ᠣᠷᠤᠭᠰᠢ ᠶᠠᠪᠣᠬᠤᠯ᠎ᠠ

ᠡᠮᠦᠨ᠎ᠡ ᠡᠳᠡᠭᠡᠤᠨ ᠲᠤ ᠭᠡᠨᠡᠳᠲᠡ ᠵᠠᠮ ᠢ ᠬᠠᠰᠢᠵᠤ ᠭᠦᠡᠳᠡᠯᠢᠳᠦᠭ᠍ᠰᠡᠨ

ᠣᠷᠤᠢ ᠳᠠᠭᠠᠨ ᠭᠦᠳᠡᠩ ᠲᠡᠶ ᠣᠪᠣᠭᠠᠳᠤ ᠭᠦᠳᠦᠯ ᠳᠠᠭᠠᠷᠠᠯᠳᠤᠭᠰᠠᠨ ᠢ

ᠡᠪᠦᠭᠡᠨ ᠶᠤᠠᠳᠤᠭ ᠡᠨᠡ ᠠᠬᠤᠢ ᠳᠤᠮᠤᠭᠳᠤ 《ᠬᠠᠷ᠎ᠠ ᠳᠡᠪᠠᠭ᠎ᠠ》 ᠭᠡᠯ᠎ᠡ᠃


ᠡᠢ᠌ᠡᠭᠦ ᠦᠨᠦᠭᠢ ᠳᠤᠮᠤᠭᠳᠤ ᠬᠠᠷ᠎ᠠ ᠳᠠᠪᠠᠭᠠᠨ ᠤ ᠳᠤᠭᠤᠵᠢ ᠱᠠᠰᠳᠢᠷ ᠲᠤ

ᠡᠷᠭᠢᠵᠤ ᠪᠠᠰᠠ ᠳᠠᠪᠠᠭ᠎ᠠ ᠳᠠᠪᠠᠬᠤ ᠶᠢᠨ ᠣᠴᠢᠷ ᠶᠡᠭᠡᠳᠡ ᠭᠦᠨ ᠪᠠᠢ᠌ᠭ᠎ᠠ ᠶᠢ

ᠡᠷᠭᠢᠮ ᠡᠪᠦᠭᠡᠨ ᠡᠴᠡ ᠰᠤᠨᠤᠰᠤᠨ ᠮᠠᠰᠢᠳᠠ ᠭᠠᠢ᠌ᠬᠠᠨ ᠰᠠᠤᠠᠭᠢᠵᠤ

ᠡᠪᠯᠡᠭᠦᠯᠵᠤ ᠭᠡᠳᠤᠨ ᠱᠠᠤᠨ ᠢ ᠳᠤᠤᠷᠠᠭᠢ ᠮᠠᠳᠤ ᠪᠣᠯᠭᠠᠯ᠎ᠠ᠃ ᠳᠠᠭᠠᠯᠠᠨ ᠠᠵᠢᠶᠠᠮᠤ︕


ᠲ᠋ᠠᠪᠠᠭ᠎ᠠ ᠭᠡᠵᠤ ᠠᠭᠤᠯᠠ ᠶᠢᠨ ᠦᠨᠳᠦᠷ ᠭᠦᠳᠦᠯ

ᠲ᠋ᠠᠪᠠᠭ᠎ᠠ ᠭᠡᠵᠤ ᠭᠢᠳᠤᠭ᠎ᠠ ᠶᠢᠨ ᠢᠷ ᠳ᠋ᠠᠭᠢ ᠠᠮᠢ

ᠲ᠋ᠠᠪᠠᠭ᠎ᠠ ᠭᠡᠵᠤ ᠭᠦᠰᠡᠯ ᠭᠤᠷᠢᠳᠠᠯ ᠤᠨ ᠳᠠᠮᠤᠯᠠᠯ

ᠲ᠋ᠠᠪᠠᠭ᠎ᠠ ᠭᠡᠵᠤ ᠬᠠᠷ᠎ᠠ ᠴᠠᠭᠠᠨ ᠤ ᠵᠠᠭᠠᠭ᠃


ᠭᠦᠷᠦᠰᠦᠳᠤ ᠪᠦᠮᠪᠦᠯᠢᠭ᠌ ᠤᠨ ᠪᠦᠳᠦᠴᠡ

ᠭᠦᠮᠤᠨ ᠣᠷᠴᠢᠯᠠᠩ ᠤᠨ ᠵᠤᠭᠢᠴᠠ

ᠭᠦᠰᠡᠯ ᠭᠤᠷᠢᠳᠠᠯᠯᠠᠭ᠎ᠠ ᠶᠢᠨ ᠰᠢᠨᠤᠯ ᠳᠤ ᠠᠪᠳᠠᠵᠤ

ᠭᠢᠵᠢᠶᠠᠨ ᠤ ᠬᠠᠭᠤᠴᠢᠨ ᠵᠤᠷᠰᠢᠯ ᠶᠢᠡᠷ

ᠦᠨᠡᠨ ᠳᠡᠭᠡᠨ ᠦᠯᠢᠰᠢ ᠦᠭᠡᠶ ᠪᠢ ᠴᠤ

ᠥᠯᠢᠭᠡᠷ ᠤᠨ ᠣᠷᠤᠨ ᠳᠤ ᠮᠥᠩᠭᠡᠷᠡᠭᠡᠭ᠍ᠰᠡᠨ ᠳᠡᠭᠡᠳᠦᠰ ᠮᠢᠨᠢ ᠴᠤ

ᠥᠳᠡᠯᠦᠭᠡ ᠪᠣᠭᠤᠷᠤᠯ ᠠᠪᠣ ᠡᠵᠢ ᠮᠢᠨᠢ ᠴᠤ

ᠦᠨᠦ ᠳᠠᠪᠠᠭ᠎ᠠ ᠪᠠᠷ ᠨᠢ

ᠲ᠋ᠠᠪᠠᠵᠤ᠂ ᠳᠠᠪᠠᠬᠤ ᠭᠡᠵᠤ᠂ ᠳᠠᠪᠠᠭᠰᠠᠭᠠᠷ

ᠲ᠋ᠠᠩᠴᠤ ᠣᠯᠠᠨ ᠡᠳ᠋ᠯᠡᠭᠦ ᠶᠤᠰᠤᠳᠠᠢ ᠬᠠᠯᠠ ᠶᠢ

ᠲ᠋ᠤᠭᠤᠯᠠᠵᠤ᠂ ᠳᠤᠭᠤᠯᠠᠬᠤ ᠭᠡᠵᠤ᠂ ᠳᠤᠭᠤᠯᠠᠭᠰᠠᠭᠠᠷ

ᠲ᠋ᠤᠭᠤᠰᠤᠳᠤ ᠬᠤᠷᠸ᠎ᠠ ᠳᠠᠭᠠᠨ ᠣᠨᠠᠨ ᠳᠤᠰᠤᠨ ᠶᠠᠪᠣᠭ᠎ᠠ ᠰᠠᠨ᠃

ᠣᠯᠠᠨ ᠮᠢᠩᠭ᠋ᠠᠨ ᠵᠠᠭᠤᠨ ᠤ ᠬᠤᠷᠠᠮᠳᠠᠯ ᠤᠨ ᠴᠦᠮ᠎ᠡ ᠪᠣᠯᠤᠭᠰᠠᠨ

ᠣᠬᠠᠭᠠᠠᠳᠤ ᠡᠪᠦᠭᠡ ᠮᠤᠩᠭ᠋ᠤᠯ ᠤᠨ ᠮᠢᠨᠢ

ᠢᠷᠠᠭᠤ ᠭᠡᠯᠡ᠂ ᠠᠮᠢᠳᠤᠷᠠᠯ ᠠᠬᠤᠢ᠂ ᠨᠡᠭᠦᠳᠡᠯ ᠶᠡᠭᠡ ᠰᠤᠶᠤᠯ ᠢ

ᠢᠮᠠᠭᠳᠠ ᠳᠠᠪᠠᠭ᠎ᠠ ᠪᠦᠭᠦᠨ ᠶᠢᠡᠷ ᠳᠠᠪᠠᠭᠤᠯᠤᠨ ᠪᠠᠢ᠌ᠵᠤ ᠥᠪᠯᠡᠭ᠍ᠰᠡᠨ ᠪᠣᠢ ᠊ᠶ᠎ᠠ᠃


ᠣᠯᠤᠮ ᠦᠭᠡᠶ ᠭᠦᠨ ᠣᠷᠴᠢᠯᠠᠩ ᠤᠨ

ᠣᠶᠠᠭ᠎ᠠ ᠣᠭᠤᠰᠤᠷ ᠦᠭᠡᠶ ᠰᠠᠯ ᠳᠡᠭᠡᠷ᠎ᠡ

ᠣᠶᠤᠠᠳᠤ ᠭᠦᠮᠤᠨ ᠪᠣᠯᠵᠤ ᠳᠦᠷᠦᠭ᠍ᠰᠡᠨ ᠤ ᠬᠤᠪᠢ ᠳᠤ

ᠣᠷᠤᠰᠢᠬᠤᠢ ᠣᠷᠤᠩᠨᠠᠬᠤᠢ ᠶᠢᠨ ᠳᠤᠯᠠᠳᠠ ᠶᠠᠮᠠᠷ ᠡᠰᠡ ᠳᠠᠪᠠᠭ᠎ᠠ ᠪᠠᠷ ᠳᠠᠪᠠᠨᠠᠮ ⁈᠃


ᠪᠢᠷ᠎ᠠ ᠴᠢᠳᠠᠯ᠂ ᠪᠢᠯᠢᠭ᠌ ᠣᠬᠠᠭᠠᠨ ᠶᠢᠡᠨ ᠰᠤᠷᠢᠯᠴᠡᠬᠤ ᠭᠡᠵᠤ

ᠪᠠᠠᠳᠢᠳᠠ ᠶᠢᠨ ᠴᠣᠢ᠌ᠷᠸ᠎ᠠ᠂ ᠠᠷᠰᠯᠠᠨ᠂ ᠵᠠᠭᠠᠨ ᠤ ᠳᠡᠮᠡᠴᠡᠭᠡᠨ ᠢ

ᠪᠠᠠᠴᠢᠨ ᠳᠠᠯᠠᠢ ᠶᠢᠨ ᠶᠠᠮᠤᠨ᠂ ᠠᠢ᠌ᠮᠠᠭ ᠬᠤᠰᠢᠭᠤᠨ ᠤ ᠨᠠᠢ᠌ᠷ ᠳᠡᠭᠡᠷ᠎ᠡ

ᠪᠢᠳᠠᠨ ᠤ ᠳᠡᠭᠡᠳᠦᠰ ᠳᠠᠪᠠᠭᠰᠠᠭᠠᠷ ᠪᠠᠢ᠌ᠵᠤ ᠣᠯᠤᠭᠰᠠᠨ ᠳᠡᠦᠭᠡ ᠲᠡᠶ᠃


ᠦᠯᠡᠮᠵᠢ ᠠᠰᠢᠭ᠂ ᠦᠨᠳᠦᠷ ᠳᠤᠰᠢᠶᠠᠯ ᠳᠤ ᠳᠤᠷᠠᠯᠠᠵᠤ

ᠦᠵᠡᠰᠳᠤ ᠡᠭᠡᠨᠡᠷ ᠶᠤᠭᠡᠨ ᠰᠢᠳᠤ ᠦᠭᠡᠶ ᠨᠤᠶᠠᠨ ᠳᠠᠭᠠᠨ ᠳᠡᠭᠡᠵᠢᠯᠡᠭᠦᠯᠵᠤ

ᠦᠪᠡᠷ ᠪᠠᠶ᠎ᠠ ᠬᠠᠷ᠎ᠠ ᠠᠮᠢ ᠪᠠᠨ ᠬᠠᠠᠴᠣᠢ᠌ᠯᠠᠭᠴᠢ ᠮᠠᠭᠤ ᠡᠷ᠎ᠡ

ᠥᠭᠡᠳᠡ ᠪᠣᠯᠳᠠᠯ᠎ᠠ ᠪᠠᠨ ᠥᠭᠡᠭᠦ ᠳᠤᠷᠭᠠᠨ ᠤ ᠳᠠᠪᠠᠭ᠎ᠠ ᠳᠠᠪᠠᠨᠠᠮ᠃ ᠪᠠᠽᠷᠸᠠᠨᠢ︕


ᠦᠨᠡᠨ ᠢ ᠭᠡᠯᠡᠵᠤ᠂ ᠲᠦᠪ ᠶᠠᠪᠣᠳᠠᠯ ᠳᠤ ᠬᠤᠰᠢᠭᠤᠴᠢᠯᠠᠨ ᠰᠢᠯᠠᠭᠤᠳᠴᠤ

ᠦᠰᠦ ᠳᠤᠭᠠᠯᠠᠬᠤ ᠮᠠᠳᠤ ᠦᠯᠡᠮᠵᠢ ᠶᠢᠨ ᠪᠣᠶᠠᠠᠳᠤ ᠣᠢ᠌ᠯᠠ ᠶᠢ ᠭᠢᠵᠤ

ᠥᠩᠭᠡ ᠳᠠᠷᠠᠰᠤᠨ ᠢ ᠳᠠᠪᠴᠢᠨ ᠲᠦᠮᠡᠨ ᠳᠡᠭᠡᠨ ᠰᠢᠳᠤᠷᠭᠤ ᠵᠢᠦᠡᠭᠦᠭ᠍ᠴᠢ ᠡᠷᠡᠰ

ᠥᠭᠦᠳᠡᠯ᠎ᠡ ᠪᠠᠨ ᠠᠷᠠᠯ ᠤᠨ ᠱᠠᠷ ᠤᠨ ᠳᠠᠰᠢᠭᠤᠷᠭ᠎ᠠ ᠶᠢᠨ ᠳᠠᠪᠠᠭ᠎ᠠ ᠳᠠᠪᠠᠨᠠᠮ᠃


ᠵᠠᠯᠠᠭᠤ ᠡᠴᠡ ᠦᠰᠦᠨ ᠴᠠᠢ᠌ᠳᠠᠯ᠎ᠠ ᠮᠠᠰᠢ ᠭᠢᠴᠢᠶᠡᠩᠭᠦᠢ ᠡᠷᠳᠡᠮ ᠳᠤ ᠰᠥᠵᠢᠭ᠍ᠯᠡᠨ

ᠵᠠᠪᠰᠠᠷ ᠴᠢᠯᠦᠭᠡ ᠦᠭᠡᠶ ᠪᠢᠷ ᠪᠠᠭᠡᠰ ᠤᠨ ᠣᠢ᠌ᠯᠠ ᠳᠤ ᠰᠢᠮᠳᠠᠵᠤ

ᠽᠠᠮᠪᠣᠯᠢᠩ ᠭᠦᠮᠤᠨ ᠠᠬᠤᠢ ᠶᠢᠨ ᠶᠤᠰᠤ ᠶᠢ ᠭᠦᠡᠵᠡᠭᠡᠢ ᠥᠭᠦᠯᠡᠭ᠍ᠴᠢ ᠡᠷᠳᠡᠮᠳᠡᠳ

ᠵᠠᠪᠰᠢᠭᠴᠢ ᠪᠢᠴᠢᠭ᠍ᠳᠡᠨ ᠤ ᠨᠤᠮ ᠳᠤ ᠣᠳᠤᠭᠠᠳᠤ ᠳᠠᠢ᠌ᠨ ᠤ ᠳᠠᠪᠠᠭ᠎ᠠ ᠳᠠᠪᠠᠨᠠᠮ᠃


ᠴᠠᠭᠠᠨ ᠰᠠᠤᠠᠭᠢᠯᠳᠤ ᠡᠭᠡ ᠡᠴᠢᠭᠡ ᠶᠢᠨ ᠪᠣᠶᠠᠠᠳᠤ ᠦᠮᠴᠢ ᠶᠢ ᠪᠦᠷᠢᠯᠭᠡᠵᠤ

ᠴᠠᠭᠯᠠᠰᠢ ᠦᠭᠡᠶ ᠢᠳᠡᠭᠦ ᠣᠤᠭᠤᠬᠤᠢ ᠶᠢ ᠪᠣᠳᠤᠭᠴᠢ ᠠᠯᠵᠢᠭᠤ ᠡᠷ᠎ᠡ ᠪᠣᠯᠬᠤᠯ᠎ᠠ

ᠴᠠᠯ ᠪᠣᠭᠤᠷᠤᠯ ᠠᠪᠣ ᠡᠵᠢ ᠶᠢ ᠵᠢᠭ᠍ᠰᠢᠨ ᠳᠡᠪᠠᠷᠢᠭ᠍ᠰᠡᠨ ᠡᠮ᠎ᠡ ᠶᠤᠬᠠᠨ ᠭᠦᠡᠳᠦᠯᠡᠵᠤ

ᠴᠠᠭ ᠲᠠᠭᠠᠨ ᠭᠢᠯᠢᠠᠴᠠᠳᠤ ᠬᠤᠷᠤᠬᠠᠢ ᠬᠤᠪᠢᠯᠤᠨ ᠥᠯᠡᠰᠭᠦᠯᠡᠩ ᠤᠨ ᠳᠠᠪᠠᠭ᠎ᠠ ᠳᠠᠪᠠᠨᠠᠮ᠃


ᠥᠵᠡᠭᠦᠢ ᠳᠤ ᠣᠢ᠌ᠳᠠᠩ ᠬᠤᠸᠠᠷ ᠤᠨ ᠵᠢᠮᠢᠰ ᠮᠠᠳᠤ ᠣᠯᠠᠭᠠᠨ ᠣᠷᠤᠭᠤᠯ ᠳᠤ

ᠦᠵᠡᠰᠳᠤ ᠮᠠᠰᠢ ᠰᠠᠢ᠌ᠬᠠᠨ ᠦᠬᠢᠳ ᠣᠢ᠌ᠯᠠ ᠡᠷᠳᠡᠮ ᠳᠤ ᠳᠤᠷ᠎ᠠ ᠠᠯᠳᠠᠷᠠᠨ

ᠦᠰᠦ ᠭᠡᠵᠢᠭᠡ ᠶᠢ ᠡᠯᠳᠡᠪ ᠶᠢᠡᠷ ᠥᠩᠭᠡᠯᠡᠨ ᠵᠤᠭᠤᠰ ᠶᠢᠡᠷ ᠳᠠᠴᠢᠶᠠᠯ ᠢ ᠠᠷᠠᠯᠵᠢᠪᠠᠰᠤ

ᠥᠳᠡᠯᠡᠭᠦᠢ ᠦᠶ᠎ᠡ ᠳᠤ ᠦᠷ᠎ᠡ ᠦᠨᠳᠦᠰᠦ ᠦᠭᠡᠶ ᠶᠢᠨ ᠳᠠᠪᠠᠭ᠎ᠠ ᠳᠠᠪᠠᠨᠠᠮ᠃


ᠠᠪᠣ ᠡᠵᠢ ᠶᠢᠨ ᠰᠤᠷᠭᠠᠯ ᠳᠤ ᠰᠥᠵᠢᠭᠯᠡᠨ ᠠᠳᠤᠭᠤ ᠮᠠᠯ ᠢ ᠠᠷᠪᠢᠵᠢᠭᠤᠯᠵᠤ

ᠠᠬ᠎ᠠ ᠳᠡᠭᠦᠰ ᠲᠤ ᠢᠳᠡᠭᠡᠯᠳᠡᠢ ᠠᠢ᠌ᠯ ᠰᠠᠬᠠᠭᠠᠯᠳᠠᠨ ᠳᠤ ᠪᠠᠨ ᠠᠶ᠎ᠠ ᠳᠠᠯ᠎ᠠ ᠲᠡᠶ

ᠠᠯᠪᠠᠨ ᠲᠦᠰᠢᠮᠠᠯ ᠢ ᠵᠤᠭᠢᠰᠳᠠᠢ ᠭᠦᠡᠳᠦᠯᠡᠨ ᠳᠠᠳᠠᠪᠣᠷᠢ ᠶᠢ ᠰᠠᠭᠠᠤᠨ ᠦᠭᠡᠶ ᠳᠦᠯᠦᠭ᠍ᠴᠢ

ᠠᠰᠤᠷᠤ ᠰᠠᠢ᠌ᠨ ᠮᠠᠯᠴᠢᠨ ᠠᠰᠢᠳᠠ ᠠᠮᠤᠭᠤᠯᠠᠩ ᠤᠨ ᠳᠠᠪᠠᠭ᠎ᠠ ᠳᠠᠪᠠᠨᠠᠮ᠃


ᠰᠤᠶᠤᠯ ᠰᠢᠡᠵᠢᠯᠡᠭᠦᠢ ᠣᠬᠠᠭᠠᠨ ᠳᠤ ᠳᠦᠰᠢᠭᠯᠡᠨ ᠠᠵᠤ ᠠᠮᠢᠳᠤᠷᠠᠯ ᠶᠤᠬᠠᠨ ᠲᠡᠳᠬᠦᠵᠤ

ᠰᠤᠷᠭᠤᠭ ᠭᠤᠸ᠎ᠠ ᠥᠩᠭᠡ ᠵᠢᠰᠤᠳᠠᠢ ᠴᠤ ᠡᠷ᠎ᠡ ᠪᠣᠰᠤᠳ ᠲᠤ ᠰᠠᠤᠠᠭᠢᠯ ᠦᠯᠦ ᠭᠦᠳᠡᠯᠡᠨ

ᠰᠤᠶᠤᠷᠬᠠᠯᠳᠤ ᠦᠪᠡᠷ ᠬᠠᠳᠠᠮ ᠦᠭᠡᠶ ᠠᠪᠣ ᠡᠵᠢ ᠶᠢᠡᠨ ᠭᠢᠴᠢᠶᠠᠨ ᠭᠦᠡᠳᠦᠯᠡᠭᠦ ᠪᠠᠷᠢᠶᠠᠤᠨ ᠠᠪᠠᠰᠤ

ᠰᠤᠷᠳᠠᠯᠳᠤ ᠰᠠᠢ᠌ᠬᠠᠨ ᠦᠷ᠎ᠡ ᠠᠴᠢᠨᠠᠷ ᠤᠨ ᠶᠢᠡᠨ ᠠᠴᠢᠯᠠᠯ ᠤᠨ ᠳᠡᠭᠡᠳᠤ ᠳᠠᠪᠠᠭ᠎ᠠ ᠳᠠᠪᠠᠨᠠᠮ᠃


ᠥᠵᠡᠭᠦᠢ ᠳᠤ ᠣᠢ ᠭᠤᠳᠤᠮ᠎ᠠ ᠣᠷᠤᠭᠤ ᠴᠢᠷᠠᠢ᠌ᠯᠠᠨ ᠦᠰᠦ ᠶᠤᠭᠡᠨ ᠰᠡᠭ᠍ᠰᠡᠢ᠌ᠯᠭᠡᠭ᠍ᠰᠡᠨ

ᠥᠷᠦᠭᠡᠯ ᠳᠤᠭᠤᠷᠢᠨ ᠡᠷ᠎ᠡ ᠶᠢ ᠪᠠᠨ ᠮᠠᠭᠤᠯᠠᠵᠤ ᠦᠷ᠎ᠡ ᠭᠡᠦᠭᠡᠤᠨ ᠶᠢᠡᠨ ᠦᠯᠦ ᠰᠤᠷᠭᠠᠨ

ᠥᠭᠦᠵᠤ ᠠᠳᠠᠯ᠎ᠠ ᠣᠵᠢᠭ ᠰᠠᠮᠠᠭᠤᠨ᠂ ᠨᠠᠢ᠌ᠷ ᠪᠠᠶᠠᠰᠤᠯ᠂ ᠬᠤᠪ ᠵᠢᠪ ᠳᠤ ᠳᠤᠷᠠᠯᠠᠭᠴᠢ

ᠲ᠋ᠠᠷᠠ ᠪᠣᠯᠬᠤᠯ᠎ᠠ ᠨᠠᠰᠤᠨ ᠳᠤᠷᠰᠢ ᠳᠤ ᠵᠤᠪᠠᠯᠠᠩ ᠤᠨ ᠳᠣᠢ᠌ᠯ ᠤᠨ ᠳᠠᠪᠠᠭ᠎ᠠ ᠳᠠᠪᠠᠨᠠᠮ᠃


ᠡᠨᠡᠷᠢᠯᠳᠤ ᠡᠴᠢᠭᠡ ᠶᠢᠨ ᠰᠤᠷᠭᠠᠯ ᠢ ᠡᠷᠭᠢᠮᠯᠡᠨ ᠡᠷᠳᠡᠮ ᠨᠤᠮ ᠳᠤ ᠪᠠᠬᠠᠳᠠᠢ

ᠢᠯᠭᠤᠮ ᠲᠦᠪ ᠠᠭᠠᠰᠢ ᠶᠢᠡᠷ ᠠᠬ᠎ᠠ ᠳᠡᠭᠦᠤ ᠳᠡᠭᠡᠨ ᠠᠶ᠎ᠠ ᠳᠠᠯ᠎ᠠ ᠲᠡᠶ

ᠡᠷᠡᠰ ᠰᠢᠭᠤᠳ ᠠᠳᠠᠯ ᠣᠢ᠌ᠯᠠ ᠶᠢ ᠪᠦᠳᠦᠭᠡᠨ ᠠᠷᠠᠤᠨ ᠬᠠᠮᠠᠷ ᠲᠠᠭᠠᠨ ᠰᠠᠢ᠌ᠰᠢᠶᠠᠯᠳᠠᠢ

ᠡᠴᠢᠭᠡ ᠶᠢᠨ ᠡᠢ᠌ᠮᠤ ᠭᠦᠤ ᠠᠪᠠᠰᠤ ᠲᠦᠷᠦ ᠶᠢᠨ ᠳᠤᠯᠭᠠᠭᠤᠷᠠᠢ ᠶᠢᠨ ᠳᠠᠪᠠᠭ᠎ᠠ ᠳᠠᠪᠠᠨᠠᠮ᠃


ᠠᠷᠪᠠᠳ ᠤᠨ ᠰᠠᠷᠠ ᠮᠠᠳᠤ ᠳᠤᠩᠭ᠋ᠠᠯᠠᠭ ᠰᠠᠷᠠᠭᠤᠯ ᠴᠢᠷᠠᠢ ᠨᠢ ᠢᠨᠢᠶᠡᠮᠰᠦᠭᠯᠡᠯ ᠳᠦᠭᠦᠷᠡᠩ

ᠠᠭᠠᠰᠢ ᠳᠤᠭᠳᠠᠭᠤᠨ  ᠨᠤᠮᠤᠬᠠᠨ ᠴᠢᠭ᠍ᠴᠢ ᠣᠢ᠌ᠯᠠ ᠣᠳᠠᠰᠤᠨ ᠳᠤ ᠣᠷᠠᠨ ᠴᠡᠮᠴᠡᠭᠡᠷ

ᠠᠬᠤ ᠪᠠᠶ᠎ᠠ ᠶᠢ ᠢᠮᠠᠭᠳᠠ ᠭᠢᠴᠢᠶᠠᠨ ᠠᠬ᠎ᠠ ᠶᠡᠭᠡᠰ ᠢ ᠠᠭᠤᠷ ᠣᠴᠠᠭᠠᠷ ᠦᠭᠡᠶ ᠭᠦᠡᠳᠦᠯᠡᠭ᠍ᠴᠢ

ᠠᠯᠮᠠᠰ ᠮᠠᠳᠤ ᠡᠢ᠌ᠮᠤ ᠬᠤᠪᠣᠷ ᠦᠬᠢᠨ ᠪᠣᠯᠪᠠᠰᠤ ᠠᠰᠢᠳᠠ ᠵᠢᠷᠭᠠᠯᠠᠩ ᠤᠨ ᠳᠠᠪᠠᠭ᠎ᠠ ᠳᠠᠪᠠᠨᠠᠮ ᠊ᠶ᠎ᠠ᠃


ᠵᠨ ᠪᠣᠯᠳᠤᠭᠠᠢ᠂ ᠣᠮ ᠰᠠᠢ᠌ᠬᠠᠨ ᠪᠣᠯᠳᠤᠭᠠᠢ︕

ᠲᠦᠷᠦ ᠲᠦᠮᠡᠨ ᠮᠢᠨᠢ ᠠᠮᠤᠭᠤᠯᠠᠩ ᠪᠣᠯᠳᠤᠭᠠᠢ︕

ᠳᠦᠭᠡᠮᠡᠯ ᠵᠢᠷᠭᠠᠯ ᠶᠢᠡᠷ ᠳᠡᠭᠦᠰ ᠵᠢᠷᠭᠠᠬᠤ ᠪᠣᠯᠳᠤᠭᠠᠢ︕

ᠲᠦᠪᠰᠢᠨ ᠨᠠᠢ᠌ᠷᠰᠠᠭ ᠪᠠᠶᠠᠨ ᠪᠣᠯᠪᠠᠰᠤᠨ ᠪᠠᠢ᠌ᠬᠤ ᠪᠣᠯᠳᠤᠭᠠᠢ︕


ᠰᠢᠷ᠎ᠠ ᠽᠠᠮᠪᠣᠯᠢᠩ ᠤᠨ ᠳᠠᠪᠠᠭ᠎ᠠ ᠶᠢ

ᠰᠢᠯᠭᠠᠨ ᠭᠡᠷᠰᠤᠯᠡᠵᠤ ᠳᠠᠪᠠᠭᠠᠷᠠᠢ

ᠰᠢᠭᠦᠮᠵᠢᠯᠡᠵᠤ ᠭᠡᠯᠡᠭ᠍ᠰᠡᠨ ᠥᠭᠡᠨ ᠳᠤ ᠮᠢᠨᠢ

ᠲ᠋ᠠ ᠮᠢᠨᠢ ᠪᠢᠳᠡᠭᠡᠢ ᠭᠤᠮᠤᠳᠠᠭᠠᠷᠠᠢ᠃


ᠠᠯᠳᠠᠨ ᠦᠨᠳᠦᠷ ᠳᠠᠪᠠᠭ᠎ᠠ ᠶᠢ

ᠠᠷᠭ᠎ᠠ ᠰᠠᠮᠪᠠᠭ᠎ᠠ ᠪᠠᠷ ᠶᠢᠡᠨ ᠳᠠᠪᠠᠭᠠᠷᠠᠢ

ᠠᠭᠰᠤᠮᠨᠠᠵᠤ ᠭᠡᠯᠡᠭ᠍ᠰᠡᠨ ᠥᠭᠡᠨ ᠳᠤ ᠮᠢᠨᠢ

ᠠᠭᠢᠭᠠᠤᠨ ᠪᠠᠳᠡᠭᠡᠢ ᠭᠤᠮᠤᠳᠠᠭᠠᠷᠠᠢ᠃


ᠭᠠᠯᠪᠠ ᠶᠢᠨ ᠪᠠᠷᠳᠠᠭᠠᠳᠤ ᠳᠠᠪᠠᠭ᠎ᠠ ᠶᠢ

ᠭᠠᠭᠴᠠᠭᠠᠷ ᠪᠢᠳᠡᠭᠡᠢ ᠳᠠᠪᠠᠭᠠᠷᠠᠢ

ᠭᠠᠩᠭ᠋ᠠᠩ ᠰᠠᠢ᠌ᠬᠠᠨ ᠢᠵᠢᠯᠢ ᠲᠡᠶ ᠪᠠᠨ

ᠰᠠᠤᠠᠭᠢᠯ ᠬᠤᠯᠪᠤᠨ ᠳᠤᠭᠤᠯᠠᠭᠠᠷᠠᠢ᠃


ᠲ᠋ᠠᠪᠠᠭ᠎ᠠ ᠳᠠᠪᠠᠭᠠᠨ ᠤ ᠪᠠᠷᠳᠠᠭ᠎ᠠ ᠶᠢ

ᠲ᠋ᠠᠪᠠᠵᠤ ᠪᠠᠢ᠌ᠵᠤ ᠮᠡᠳᠡᠭᠡᠷᠡᠢ᠂

ᠰᠢᠠᠳᠠᠰᠤ ᠰᠠᠢ᠌ᠳᠠᠢ ᠭᠦᠯᠦᠭ᠌ ᠶᠢᠡᠨ

ᠰᠥᠢᠰᠭᠢᠵᠤ ᠪᠠᠢ᠌ᠭᠠᠤᠨ ᠮᠤᠷᠳᠠᠭᠠᠷᠠᠢ᠃

ᠵᠤᠬᠢᠶᠠᠭᠴᠢ᠄ ᠭᠢᠨᠠᠮᠠᠭᠠᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4019
ᠴᠠᠭ᠄ 2008 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ