ᠨᠡᠪᠲᠡᠷᠡᠨ ᠤᠷᠤᠬᠤ
ᠬᠠᠢ᠌ᠷ᠎ᠠ

ᠵᠢᠷᠭᠠᠯ ᠤᠨ ᠳᠤᠶᠠᠭ᠎ᠠ ᠳᠠᠳᠠᠭᠤᠯᠤᠨ ᠭᠦᠯᠦᠭ᠌ ᠤᠨ ᠰᠤᠷ ᠬᠣᠢ᠌ᠯᠠᠷᠠᠨ᠎ᠠ᠂

ᠵᠠᠶᠠᠭᠠᠨ ᠤ ᠬᠠᠨᠢ ᠪᠠᠨ ᠪᠣᠳᠤᠭᠠᠤᠨ ᠰᠡᠳᠭᠢᠯ ᠤᠨ ᠣᠶᠠᠩᠭ᠋᠎ᠠ ᠣᠠᠳᠤᠷᠠᠨ᠎ᠠ᠂

ᠳᠦᠭᠦᠷᠦᠭᠡ ᠦᠭᠡᠶ ᠵᠠᠶᠠᠭᠠᠨ ᠤ ᠮᠢᠨᠢ ᠦᠯᠡᠮᠵᠢ ᠶᠢᠨ ᠳᠤᠷᠠᠯᠠᠯ ᠰᠤᠯᠤᠩᠭ᠋ᠠᠷᠠᠨ᠎ᠠ᠂

ᠳᠦᠷᠦᠭ᠍ᠰᠡᠨ ᠨᠤᠳᠤᠭ ᠤᠨ ᠬᠤᠩᠭ᠋ᠤᠷ ᠴᠢᠮᠠᠳᠠᠭᠠᠨ ᠡᠷᠭᠡᠯᠡᠭᠡᠳ ᠵᠢᠷᠭᠠᠨ᠎ᠠ᠂


ᠳᠤᠷᠭᠠᠨ ᠮᠠᠯᠠᠮᠠᠢ ᠶᠢ ᠴᠢᠨᠢ ᠰᠢᠷᠳᠠᠨ ᠵᠢᠷᠦᠭᠡᠨ ᠤ ᠳᠠᠭᠤᠤ ᠰᠢᠩᠭᠡᠨ᠎ᠡ

ᠳᠤᠯᠤᠭᠠᠨ ᠪᠣᠷᠬᠠᠤᠨ ᠤᠨ ᠳᠤᠮᠤᠭ ᠰᠢᠭ ᠥᠨᠡᠡᠴᠢᠭᠡᠨ ᠰᠡᠳᠭᠢᠯ ᠭᠦᠪᠦᠷᠡᠨ᠎ᠡ᠂

ᠳᠤᠭᠰᠢᠨ ᠳᠠᠪᠠᠯᠭᠠᠨ ᠤ ᠰᠦᠷ ᠲᠤ ᠬᠠᠳᠠᠭᠤᠬᠠᠨ ᠳᠤᠷᠠᠯᠠᠯ ᠰᠦᠨᠳᠠᠷᠯᠠᠨ᠎ᠠ᠂

ᠳᠤᠭᠤᠨᠤᠳᠤ ᠭᠡᠷ ᠤᠨ ᠮᠢᠨᠢ ᠬᠣᠢ᠌ᠮᠤᠷ ᠲᠤ ᠴᠢ ᠮᠢᠨᠢ ᠨᠠᠳᠠ ᠳᠠᠭᠠᠨ ᠡᠷᠭᠡᠯᠡᠨ᠎ᠡ᠃


ᠬᠠᠢ᠌ᠷᠠᠳᠠᠢ ᠪᠦᠭᠦᠨ ᠶᠢᠡᠨ ᠪᠣᠳᠤᠭᠠᠤᠨ ᠰᠡᠳᠭᠢᠯ ᠤᠨ ᠳᠦᠷᠦᠭᠡ ᠳᠠᠪᠭᠢᠷᠠᠨ᠎ᠠ᠂

ᠬᠠᠯᠠᠭᠤᠬᠠᠨ ᠴᠢᠮ᠎ᠠ ᠪᠠᠨ ᠪᠣᠳᠤᠭᠠᠤᠨ ᠢᠨᠠᠭ ᠤᠨ ᠵᠡᠭᠦᠳᠤ ᠭᠦᠪᠦᠷᠢᠨ᠎ᠡ᠂

ᠬᠠᠨᠢᠬᠠᠨ ᠵᠢᠷᠭᠠᠯ ᠤᠨ ᠬᠤᠷᠮᠤᠢ ᠳᠤ ᠬᠤᠶᠠᠭᠤᠯᠠ ᠪᠠᠨ ᠴᠡᠩᠭᠡᠵᠤ ᠪᠠᠶᠠᠰᠤᠨ᠎ᠠ᠂

ᠬᠠᠨ ᠳᠡᠯᠡᠭᠡᠢ ᠶᠢ ᠴᠤ ᠥᠮᠴᠢᠷᠭᠡᠮᠡᠷ ᠨᠠᠳᠠ ᠳᠠᠭᠠᠨ ᠡᠷᠭᠡᠯᠡᠨ ᠵᠢᠷᠭᠠᠨ᠎ᠠ᠂


ᠠᠮᠢᠳᠤᠷᠠᠯ ᠤᠨ ᠬᠠᠶ‍ᠢᠭ ᠳᠠᠷᠠᠯᠠᠵᠤ ᠢᠳᠡᠭᠡᠯ ᠤᠨ ᠣᠴᠢ ᠣᠠᠳᠤᠷᠤᠨ᠎ᠠ᠂

ᠠᠮᠠᠷᠠᠭ ᠰᠡᠳᠭᠢᠯ ᠨᠢᠯᠬᠠᠷᠠᠵᠤ ᠬᠠᠢ᠌ᠷ᠎ᠠ ᠶᠢᠨ ᠳᠠᠭᠤᠤ ᠶᠠᠷᠢᠭᠳᠠᠨ᠎ᠠ᠂

ᠠᠯᠤᠰ ᠤᠨ ᠰᠤᠪᠢᠩ ᠳᠦᠭᠦᠷᠡᠵᠤ ᠮᠥᠷᠦᠭᠡᠳᠦᠯ ᠭᠦᠯᠦᠭᠯᠡᠵᠤ ᠮᠤᠷᠳᠠᠨ᠎ᠠ

ᠠᠮᠢᠨ ᠤ ᠵᠢᠷᠦᠭᠡ ᠳᠤᠭᠳᠤᠯᠵᠤ ᠢᠳᠡᠭᠡᠯ ᠢᠩᠭᠢᠵᠤ ᠠᠭᠤᠰᠤᠨ᠎ᠠ᠃


ᠵᠤᠬᠢᠶᠠᠭᠴᠢ ᠶᠢᠨ ᠬᠠᠶ‍ᠢᠭ ᠄ ᠰᠢᠯᠢ ᠶᠢᠨ ᠭᠤᠤᠯ ᠠᠢ᠌ᠮᠠᠭ ᠰᠢᠯᠤᠭᠤᠨ ᠭᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠭᠠᠩᠭ᠋ᠠᠠᠳᠠᠯ᠎ᠠ ᠭᠠᠴᠠᠭ᠎ᠠ

ᠵᠤᠬᠢᠶᠠᠭᠴᠢ᠄ ᠬᠠᠰᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2010 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ