☆ ᠴᠢ᠍᠊·ᠬᠠᠰᠪᠠᠭᠠᠨᠠ
ᠬᠠᠢ᠌ᠷᠠ ᠲᠠᠢ ᠪᠠᠢ᠌ᠬᠤ ᠶᠢᠨ ᠤᠴᠢᠷ
ᠤᠨᠠᠭᠰᠠᠨ ᠰᠢ᠍ᠷᠥᠢ ᠪᠠᠨ ᠠᠮᠢ ᠳ᠋ᠥᠢ᠍ᠴᠡᠨ ᠬᠠᠮᠠᠭᠠᠯᠠᠳ᠋ᠠᠭ ᠨᠢ
ᠤᠤᠯ ᠡᠴᠡ ᠪᠠᠨ ᠠᠭᠤᠳ᠋ᠠᠮ ᠶᠡᠬᠡ ᠬᠠᠢ᠌ᠷᠠ ᠳᠠᠢ ᠪᠠᠢ᠌ᠬᠤ ᠵᠢᠨ ᠤᠴᠢ᠍ᠷ
ᠤᠤᠭᠤᠭᠰᠠᠨ ᠤᠰᠤ ᠪᠠᠨ ᠪᠤᠷᠬᠠᠨ ᠳ᠋ᠥ ᠠᠮᠠᠯᠳ᠋ᠠᠨ ᠪᠥᠬᠡᠴᠡᠢ᠌ᠯᠡᠳ᠋ᠡᠭ᠌ ᠨᠢ
ᠤᠭ ᠡᠴᠡ ᠪᠠᠨ ᠳᠠᠯᠠᠢ ᠶᠡᠬᠡ ᠬᠠᠢ᠌ᠷᠠ ᠳᠠᠢ ᠪᠠᠢ᠌ᠬᠤ ᠵᠢᠨ ᠤᠴᠢ᠍ᠷ
ᠲᠥᠷᠥᠬᠥᠯᠥᠭ᠍ᠰᠡᠨ ᠠᠴᠢ᠍ᠳ᠋ᠥ ᠡᠵᠢ ᠪᠠᠨ ᠮᠥᠩᠭᠡᠳ᠋ᠡ ᠰᠢ᠍ᠳ᠋ᠥᠨ ᠳᠡᠭᠡᠳ᠋ᠥᠯᠡᠳ᠋ᠡᠭ᠌ ᠨᠢ
ᠲᠥᠷᠥᠯᠬᠢ ᠡᠴᠡ ᠪᠠᠨ ᠶᠠᠰᠤᠨ ᠳ᠋ᠥ ᠰᠢ᠍ᠩᠭᠡᠭ᠍ᠰᠡᠨ ᠬᠠᠢ᠌ᠷᠠ ᠳᠠᠢ ᠪᠠᠢ᠌ᠬᠤ ᠵᠢᠨ ᠤᠴᠢ᠍ᠷ
ᠲᠥᠬᠥᠬᠡᠵᠢ᠍ᠬᠥᠯᠥᠭ᠍ᠰᠡᠨ ᠠᠰᠠᠷᠠᠯᠳ᠋ᠤ ᠠᠪᠤ ᠪᠠᠨ ᠥᠨᠢ᠍ᠳ᠋ᠡ ᠬᠢᠴᠢ᠍ᠶᠡᠨ ᠬᠥᠨᠳ᠋ᠥᠳᠭᠡᠳ᠋ᠡᠭ᠌ ᠨᠢ
ᠲᠥᠷᠦᠬᠦ ᠡᠴᠡ ᠪᠠᠨ ᠴᠢ᠍ᠰᠥᠨ ᠳ᠋ᠥ ᠠᠭᠤᠰᠤᠭᠰᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠥᠷᠥᠰᠢ᠍ᠶᠡᠭ᠍ᠰᠡᠨ ᠭᠤᠯᠤᠮᠳ᠋ᠠ ᠪᠠᠨ ᠥᠷᠬᠥᠯᠵᠢ ᠰᠥᠰᠥᠭᠯᠡᠨ ᠮᠠᠨᠠᠳ᠋ᠠᠭ ᠨᠢ
ᠡᠪᠥᠬᠡᠳ ᠤᠨ ᠴᠢ᠍ᠩᠳ᠋ᠠ ᠰᠤᠷᠭᠠᠯ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠥᠷᠯᠥᠭ᠌ ᠶᠡᠬᠡ ᠳᠡᠥᠬᠡ ᠪᠠᠨ ᠥᠨᠡᠨ ᠵᠢᠠᠷ ᠨᠢ ᠪᠠᠢ᠌ᠯᠭᠠᠵᠤ ᠤᠯᠠᠮᠵᠢ᠍ᠯᠠᠳ᠋ᠠᠭ ᠨᠢ
ᠥᠨᠳ᠋ᠥᠰᠥᠨ ᠤ ᠠᠷᠢ᠍ᠭᠤᠨ ᠭᠠᠯ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠤᠳ᠋ᠤᠮ ᠵᠠᠯᠭᠠᠬᠤ ᠬᠥᠪᠡᠬᠥᠨ ᠶᠢᠡᠨ ᠬᠠᠭᠠᠨ ᠤ ᠵᠡᠷᠭᠡ ᠲᠡᠶ ᠰᠤᠷᠭᠠᠳ᠋ᠠᠭ ᠨᠢ
ᠤᠩᠭ᠋ᠤᠨ ᠰᠦ᠋ᠯᠳ᠋ᠡᠳ᠋ᠥ ᠲᠤᠭ ᠲᠣ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠤᠭᠰᠠᠭᠠ ᠵᠠᠶᠠᠭᠠᠬᠤ ᠥᠬᠢᠨ ᠶᠢᠡᠨ ᠬᠠᠳ᠋ᠤᠨ ᠤ ᠵᠡᠷᠭᠡ ᠲᠡᠶ ᠬᠥᠮᠥᠵᠢ᠍ᠬᠥᠯᠳ᠋ᠡᠭ᠌ ᠨᠢ
ᠤᠬᠠᠭᠠᠨ ᠪᠢᠯᠢ᠍ᠭ᠍ᠳ᠋ᠥ ᠠᠮᠢ᠍ᠳ᠋ᠤᠷᠠᠯ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠬᠠᠳ᠋ᠠᠨ ᠳ᠋ᠥ ᠳᠠᠭᠰᠢ᠍ᠬᠤ ᠬᠥᠷᠥᠬᠡᠰᠥ ᠪᠠᠠ ᠴᠡᠴᠡᠭᠡᠢ ᠪᠠᠠ ᠮᠡᠳ᠋ᠥ ᠭᠠᠮᠨᠠᠳ᠋ᠠᠭ ᠨᠢ
ᠬᠠᠨ ᠶᠡᠬᠡ ᠪᠠᠢ᠌ᠭᠠᠯᠢ ᠳ᠋ᠥ ᠪᠠᠠ ᠬᠠᠢ᠌ᠷᠠ ᠲᠡᠶ ᠪᠠᠢ᠌ᠬᠤ ᠵᠢᠨ ᠤᠴᠢ᠍ᠷ
ᠬᠠᠨᠳ᠋ᠠᠷᠤᠭᠠᠨ ᠳ᠋ᠥ ᠴᠤᠢ᠌ᠯᠠᠬᠤ ᠬᠥᠯᠥᠭ᠌ ᠶᠢᠡᠨ ᠬᠠᠨᠢ ᠪᠠᠨ ᠮᠡᠳ᠋ᠥ ᠰᠠᠨᠠᠳ᠋ᠠᠭ ᠨᠢ
ᠬᠠᠮᠤᠭ ᠪᠥᠬᠥ ᠵᠥᠢ᠍ᠯ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠪᠤᠰᠤᠭᠠ ᠮᠤᠩᠭ᠋ᠤᠯ ᠪᠢᠴᠢ᠍ᠭ᠌ ᠶᠢᠡᠨ ᠳᠡᠭ᠍ᠷᠢ ᠵᠢᠨ ᠳᠡᠢ᠌ᠳ᠋ᠠᠢ ᠪᠠᠢ᠌ᠯᠭᠠᠳ᠋ᠠᠭ ᠨᠢ
ᠳᠡᠯᠡᠬᠡᠢ ᠵᠢᠨ ᠢᠷᠭᠡᠨ ᠳᠠᠪᠢᠯᠠᠩ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ
ᠪᠤᠭᠳ᠋ᠠ ᠴᠢ᠍ᠩᠬᠢᠰ ᠤᠨ ᠮᠤᠩᠭ᠋ᠤᠯ ᠶᠢᠡᠨ ᠪᠤᠷᠬᠠᠨ ᠤ ᠵᠡᠷᠭᠡ ᠳ᠋ᠥ ᠳᠤᠭᠠᠴᠠᠳ᠋ᠠᠭ ᠨᠢ
ᠳᠡᠩᠳ᠋ᠡᠬᠥᠥ ᠬᠥᠮᠥᠨ ᠶᠤᠰᠤᠨ ᠳ᠋ᠥ ᠪᠠᠨ ᠬᠠᠢ᠌ᠷᠠ ᠳᠠᠢ ᠪᠠᠢ᠌ᠬᠤ ᠵᠢᠨ ᠤᠴᠢ᠍ᠷ ᠡ
0015.6.4
ᠵᠤᠬᠢᠶᠠᠭᠴᠢ᠄ ᠴᠢ᠍᠊·ᠬᠠᠰᠪᠠᠭᠠᠨᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 56273
ᠴᠠᠭ᠄ 2017 ᠤᠨ ᠤ 03 ᠰᠠᠷᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ