☆ ᠬᠠ᠊·ᠯᠢᠩᠬᠸ᠎ᠠ
ᠭᠤᠷᠪᠠᠬᠠᠨ ᠤᠯᠠᠭᠠᠨ᠎ᠠ
ᠵᠢᠷᠭᠤᠭᠠᠨ ᠵᠢᠯ ᠤᠨ ᠡᠮᠤᠨ᠎ᠡ ᠶᠤᠮᠰᠠᠨ
ᠬᠤᠷᠢᠨ ᠳᠦᠷᠪᠠᠨ ᠵᠢᠯ ᠣᠴᠢᠭᠠᠳᠤᠢ ᠪᠢ
ᠵᠠᠷᠤᠳ ᠨᠤᠳᠤᠭ ᠲᠠᠭᠠᠨ ᠠᠶᠠᠯᠠᠨ ᠭᠦᠷᠦᠯ᠎ᠡ
ᠵᠢᠭᠠᠯ ᠨᠠᠰᠤᠨ ᠳᠠᠭᠠᠨ ᠠᠮᠳᠠᠷᠬᠠᠨ ᠳᠡᠭᠦᠳᠡᠭ᠌
ᠵᠠᠷᠠᠭ᠎ᠠ ᠢᠳᠡᠭ᠍ᠰᠡᠨ ᠣᠯᠠᠭᠠᠨ᠎ᠠ
ᠵᠡᠭᠦᠳᠤᠨ ᠡᠴᠠ ᠰᠠᠯᠳᠠᠭ ᠦᠭᠡᠶ ᠭᠡᠮᠡᠨ
ᠵᠠᠬ᠎ᠠ ᠳᠠᠷᠠᠭᠠᠯᠠᠨ ᠠᠰᠠᠭᠤᠵᠤ ᠰᠤᠷᠠᠭᠯᠠᠯᠠ
ᠵᠠᠯᠠᠭᠤ ᠳᠡᠭᠦᠦᠨᠡᠷ ᠤᠳ ᠳᠤᠯᠤᠭᠠᠢ ᠰᠠᠵᠢᠨ᠎ᠠ
ᠵᠠᠵᠢᠨ ᠪᠣᠭᠤᠷᠤᠯ ᠤᠳ ᠰᠠᠨᠠᠭ᠎ᠠ ᠠᠯᠳᠠᠨ᠎ᠠ
ᠵᠠᠮ ᠡᠴᠠ ᠪᠣᠰᠤᠳ ᠢ ᠨᠢ ᠳᠤᠤᠷᠯᠠᠴᠢᠭᠰᠠᠨ
ᠵᠠᠳᠠᠭᠠᠢ ᠭᠠᠵᠠᠷ ᠦᠯᠡᠳᠡᠭ᠍ᠰᠡᠨ ᠥᠭᠡᠢ
ᠵᠠᠯ᠎ᠠ ᠮᠤᠳᠤ ᠨᠢ ᠪᠠᠢ᠌ᠭᠰᠠᠨ ᠴᠤ
ᠵᠢᠮᠢᠰ ᠨᠢ ᠰᠠᠭᠤᠬᠤ ᠦᠭᠡᠶ ᠪᠣᠯᠵᠠᠢ ᠭᠡᠪᠡ
ᠬᠠᠷᠠᠮᠰᠠᠭᠰᠠᠨ ᠪᠢ ᠢᠳᠡᠭᠡᠵᠤ ᠶᠠᠳᠠᠮ᠎ᠠ
ᠬᠠᠷᠠᠴᠠᠨ ᠡᠴᠠ ᠮᠢᠨᠢ ᠦᠵᠡᠭᠡᠳ ᠭᠠᠷᠴᠢᠬᠠᠵᠠᠢ
ᠭᠤᠸ᠎ᠠ ᠦᠶᠡᠯᠢᠳ ᠦᠬᠢᠨ ᠳᠡᠭᠦᠤ ᠮᠢᠨᠢ
ᠬᠤᠶᠠᠭᠤᠯᠠ ᠪᠠᠨ ᠡᠷᠢᠭᠦ ᠪᠠᠷ ᠶᠠᠪᠣᠶ᠎ᠠ ᠭᠡᠳ
ᠭᠦᠷᠢᠶᠡᠨ ᠳᠤ ᠪᠠᠢ᠌ᠭᠰᠠᠨ ᠮᠤᠲ᠋ᠤᠷ ᠢ
ᠭᠦᠷᠴᠢᠭᠡᠨᠡᠭᠦᠯᠵᠤ ᠳᠦᠷᠴᠢᠭᠡᠨᠡᠭᠦᠯᠤᠨ ᠰᠤᠠᠳᠠᠯᠠᠭᠠᠤᠨ
ᠬᠣᠢ᠌ᠳᠤ ᠠᠭᠤᠯᠠ ᠶᠢᠨ ᠬᠤᠷᠮᠤᠢ ᠪᠠᠷ ᠡᠷᠭᠢᠯᠳᠤᠨ
ᠬᠠᠳᠤᠯᠠᠩ ᠤᠨ ᠭᠠᠵᠠᠷ ᠲᠠᠭᠠᠨ ᠳ᠋ᠸᠩᠰᠢᠳᠠᠯᠠ ᠡᠷᠢᠭᠡᠳ
ᠬᠤᠸᠠᠷ ᠡᠭᠡᠴᠢ ᠠᠯᠠᠭ᠎ᠠ ᠪᠠᠨ ᠳᠡᠯᠭᠡ ᠭᠡᠯᠡ
ᠭᠢᠮᠤᠰᠤᠨ ᠳᠤᠯᠢᠨ ᠴᠢᠨᠡᠭᠡᠨ ᠮᠢᠬ᠎ᠠ ᠮᠠᠷᠢᠶ᠎ᠠ ᠥᠭᠡᠢ
ᠭᠤᠷᠪᠠᠬᠠᠨ ᠳᠤᠨᠢᠭᠠᠷ ᠣᠯᠠᠭᠠᠨ᠎ᠠ
ᠭᠠᠷ ᠤᠨ ᠠᠯᠠᠭᠠᠨ ᠳᠡᠭᠡᠷ᠎ᠡ ᠡᠪ ᠥᠭᠡᠢ᠌ᠷᠡᠨ ᠰᠠᠭᠤᠯ᠎ᠠ
ᠬᠤᠭᠤᠰᠤᠨ ᠦᠭᠡᠶ ᠰᠢᠤ ᠨᠢᠭᠤᠷ ᠥᠭ᠍ᠴᠡᠢ
ᠬᠠᠢ᠌ᠷᠠᠳᠤ ᠡᠭᠡᠴᠢ ᠡ ᠭᠡᠵᠤ ᠠᠯᠢᠶᠠᠷᠬᠠᠨ᠎ᠠ
ᠬᠤᠶᠠᠷ ᠨᠢᠳᠤ ᠣᠯᠠᠭᠠᠨ᠎ᠠ ᠡᠴᠠ ᠪᠠᠨ ᠳᠤᠮᠤ
ᠬᠠᠪ ᠬᠠᠯᠠᠭᠤᠨ ᠨᠢᠯᠪᠣᠰᠤ ᠵᠢ
ᠬᠠᠴᠠᠷ ᠳᠠᠭᠠᠭᠤᠯᠤᠨ ᠪᠦᠮᠪᠦᠷᠢᠭᠦᠯᠵᠤ
ᠬᠠᠷᠠᠨ ᠬᠠᠷᠠᠨ ᠭᠦᠭᠡᠷᠦᠭᠦᠢᠯᠡᠵᠤ
ᠬᠠᠢ᠌ᠯᠠᠨ ᠬᠠᠢ᠌ᠯᠠᠨ ᠶᠠᠪᠣᠯ᠎ᠠ
ᠬᠠᠮᠤᠭ ᠰᠡᠭᠦᠯ ᠤᠨ ᠳᠡᠭᠦᠭ᠍ᠰᠡᠨ
ᠭᠢᠮᠰᠢᠭᠠᠷ ᠣᠯᠠᠭᠠᠨ᠎ᠠ ᠭᠡᠵᠤ ᠪᠣᠤ ᠭᠡᠯᠡ
ᠭᠦᠰᠡᠯ ᠬᠤᠷᠣᠢ᠌ᠯᠠᠵᠤ ᠪᠠᠢ᠌ᠭ᠎ᠠ
ᠭᠡᠭᠡᠡᠴᠢᠷ ᠣᠯᠠᠭᠠᠨ᠎ᠠ ᠭᠡᠵᠤ ᠪᠣᠳᠤᠭᠠᠷᠠᠢ
ᠬᠤᠵᠢᠮ ᠤᠨ ᠨᠢᠭᠡᠨ ᠴᠠᠭ ᠳᠤᠷ
ᠬᠤᠪᠢᠳᠠᠢ ᠣᠯᠠᠭᠠᠨ᠎ᠠ ᠪᠠᠨ ᠯᠠᠪ
ᠬᠤᠷᠮᠤᠢ ᠳᠦᠭᠦᠷᠡᠩ ᠳᠡᠭᠦᠭᠦ ᠶᠤᠮ ᠡ ᠭᠡᠮᠡᠨ
ᠬᠠᠵᠢᠤᠬᠠᠢ ᠰᠢᠭ ᠣᠯᠠᠭᠠᠨ᠎ᠠ ᠳᠠᠭᠠᠨ ᠰᠢᠪᠠᠨᠠᠯᠠ
2012 ᠣᠨ ᠤ 12 ᠰᠠᠷ᠎ᠠ ᠵᠢᠨ 19 ᠊ᠤ ᠡᠳᠦᠷ
ᠵᠤᠬᠢᠶᠠᠭᠴᠢ ᠶᠢᠨ ᠬᠠᠶᠢᠭ ᠄ ᠰᠦᠨᠢᠳ ᠵᠡᠭᠦᠨ ᠬᠤᠰᠢᠭᠤ
ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11335
ᠴᠠᠭ᠄ 2012 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ