☆ ᠬᠠᠭᠤᠴᠢᠳ·ᠭᠢᠯᠪᠠᠭᠠᠨ
ᠬᠠᠷ᠎ᠠ ᠨᠢᠳᠤᠨ ᠭᠡᠦᠭᠡᠨ
ᠬᠠᠷ᠎ᠠ ᠨᠢᠳᠤᠨ ᠭᠡᠦᠭᠡᠨ ᠴᠢᠮ᠎ᠠ ᠵᠢ
ᠬᠠᠷᠠᠭᠠᠤᠨ ᠰᠠᠭᠤᠴᠢᠬᠠᠮᠠᠷ ᠪᠣᠳᠤᠬᠤ ᠶᠤᠮ
ᠬᠠᠮᠤᠭ ᠵᠢᠷᠭᠠᠯ ᠴᠢᠮ᠎ᠠ ᠡᠴᠠ ᠢᠷᠠᠵᠤ
ᠬᠤᠷᠸ᠎ᠠ ᠪᠢᠳᠠᠨ ᠤ ᠯᠠ ᠪᠣᠯᠵᠤ ᠢᠪᠴᠤᠷᠠᠨᠠ
ᠬᠤᠶᠠᠷ ᠭᠦᠮᠤᠨ ᠤ ᠶᠢᠷᠳᠢᠠᠴᠤ ᠭᠡᠵᠤ
ᠴᠢ ᠯᠠ ᠨᠠᠳᠠ ᠢᠷᠡᠭᠦ ᠶᠤᠮ
ᠬᠤᠨᠤᠭ ᠵᠡᠭᠦᠳᠤᠨ ᠤ ᠵᠢᠷᠭᠠᠯ ᠪᠣᠯᠵᠤ
ᠴᠢ ᠯᠠ ᠭᠠᠭᠴᠠ ᠳᠤᠳᠤᠷᠠᠭᠠᠰᠠᠢ
ᠬᠠᠷᠭᠤᠭᠰᠠᠨ ᠳᠠᠷᠠ ᠬᠤᠷᠤᠮ ᠡᠴᠠ
ᠬᠤᠨᠤᠭ ᠵᠡᠭᠦᠳᠤᠨ ᠳᠤ ᠢᠷᠡᠳᠡᠭ᠌ ᠪᠣᠯᠤᠯ᠎ᠠ
ᠬᠠᠷᠠᠭᠰᠠᠨ ᠳᠠᠷᠠ ᠵᠠᠪᠰᠢᠶᠠᠨ ᠡᠴᠠ
ᠬᠤᠪᠳᠤᠯ ᠵᠢᠷᠦᠭᠡᠨ ᠳᠤ ᠰᠡᠢ᠌ᠯᠦᠭᠡᠰᠦᠳᠡᠢ ᠪᠣᠯᠤᠯ᠎ᠠ
ᠬᠠᠯᠳᠤ ᠮᠦᠷᠭᠦᠭᠦ ᠊ᠭ᠍ᠱᠡᠨ ᠳ᠋ᠤ
ᠬᠠᠢ᠌ᠯᠤᠮᠠᠷ ᠪᠣᠯᠵᠤ ᠳᠤᠭᠳᠤᠯᠬᠤ ᠶᠤᠮ
ᠬᠠᠷᠠᠴᠠ ᠶᠢᠨ ᠴᠢᠨᠢ ᠳᠤᠯᠠᠭᠠᠨ ᠰᠠᠴᠤᠷᠠᠭ ᠳᠤ
ᠬᠠᠮᠤᠭ ᠪᠠᠶ᠎ᠠ ᠰᠣᠢ᠌ᠷᠠᠮᠠᠷ ᠪᠣᠯᠬᠤ ᠶᠤᠮ
ᠦᠯᠢᠭᠡᠷ ᠤᠨ ᠰᠤᠳᠤᠨ ᠣᠬᠠᠭᠠᠨ ᠭᠡᠵᠤ
ᠴᠢᠮ᠎ᠠ ᠳᠤ ᠯᠠ ᠶᠠᠷᠢᠪᠠᠯ ᠵᠤᠭᠢᠬᠤ ᠶᠤᠮ ᠪᠠ︕
ᠦᠨᠡᠠᠴᠢ ᠬᠠᠯᠠᠭᠤᠨ ᠬᠠᠢ᠌ᠷ᠎ᠠ ᠭᠡᠵᠤ
ᠴᠢᠮ᠎ᠠ ᠳᠤ ᠯᠠ ᠢᠪᠢᠯᠪᠠᠯ ᠳᠠᠭᠠᠷᠠᠬᠤ ᠶᠤᠮ ᠪᠠ ︕
ᠴᠡᠴᠡᠭ᠌ ᠰᠢᠭ᠌ ᠭᠤᠸᠠᠯᠢᠭ ᠴᠢᠮ᠎ᠠ ᠳᠤ ᠪᠠᠨ
ᠡᠷᠪᠠᠭᠡᠢ ᠰᠢᠭ᠌ ᠬᠠᠵᠠᠭᠤ ᠳᠤ ᠴᠢᠨᠢ ᠡᠨᠡᠭ᠍ᠰᠢᠭᠦ ᠶᠤᠮ ᠪᠠ︕
ᠴᠡᠪᠠᠷᠭᠡᠨ ᠮᠤᠩᠭ᠋ᠤᠯ ᠪᠦᠰᠡᠭᠦᠢ ᠴᠢᠮ᠎ᠠ ᠳᠤ ᠪᠠᠨ
ᠡᠩᠭᠡᠰᠭᠡ ᠰᠢᠭ᠌ ᠬᠠᠴᠠᠷ ᠲᠤ ᠴᠢᠨᠢ ᠨᠠᠭᠠᠬᠤ ᠶᠤᠮ ᠪᠠ︕
ᠠᠯᠪᠠᠨ ᠭᠡᠷ ᠲᠤ ᠢᠷᠡᠭᠦ ᠪᠦᠷᠢ
ᠨᠠᠮ᠎ᠠ ᠶᠢ ᠨᠢᠭᠡ ᠬᠠᠷᠠᠭᠠᠴᠢ ᠳ᠋ᠠ︕
ᠠᠯᠤᠰ ᠤᠨ ᠵᠠᠮ ᠳᠤ ᠶᠠᠪᠣᠬᠤ ᠪᠦᠷᠢ
ᠨᠠᠰᠢ ᠪᠠᠨ ᠨᠢᠭᠡ ᠳᠠᠯᠯᠠᠭᠠᠴᠢ ᠳ᠋ᠠ︕
ᠠᠶᠠᠭ᠎ᠠ ᠲᠡᠶ ᠴᠠᠢ ᠪᠠᠨ ᠣᠤᠭᠤᠬᠤ ᠪᠦᠷᠢ
ᠨᠠᠮ᠎ᠠ ᠶᠢ ᠨᠢᠭᠡ ᠰᠠᠨᠠᠭᠠᠴᠢ ᠳ᠋ᠠ︕
ᠠᠮᠠᠷᠠᠭ ᠬᠠᠯᠠᠭᠤᠨ ᠵᠡᠭᠦᠳᠤᠨ ᠳᠤ ᠪᠠᠨ
ᠨᠠᠮ᠎ᠠ ᠶᠢ ᠯᠠ ᠭᠠᠭᠴᠠ ᠵᠡᠭᠦᠳᠦᠯᠡᠭᠡᠰᠡᠢ︕
ᠰᠡᠪᠠᠯᠵᠡᠭᠦ ᠬᠠᠷ᠎ᠠ ᠭᠡᠵᠢᠭᠡ ᠶᠢ ᠴᠢᠨᠢ
ᠰᠠᠷᠠᠮᠠ ᠦᠭᠡᠶ ᠵᠡᠭᠦᠳᠦᠯᠡᠵᠤ ᠬᠤᠨᠤᠶ᠎ᠠ ᠪᠣᠳᠤᠯ᠎ᠠ
ᠰᠠᠨᠠᠭᠠᠨ ᠳᠤ ᠣᠶᠠᠬᠠᠨ ᠮᠦᠰᠢᠶᠠᠳᠤᠨ ᠳᠤ ᠴᠢᠨᠢ
ᠰᠡᠷᠭᠦᠮ᠎ᠡ ᠦᠭᠡᠶ ᠰᠤᠭᠳᠤᠵᠤ ᠶᠠᠪᠣᠶ᠎ᠠ ᠰᠠᠨᠠᠯ᠎ᠠ︕
ᠨᠠᠭᠢᠯᠵᠠᠭᠰᠠᠨ ᠭᠤᠶᠤ ᠭᠠᠯᠪᠢᠷ ᠢ ᠴᠢᠨᠢ
ᠨᠠᠰᠤ ᠪᠠᠷ ᠶᠢᠡᠨ ᠦᠮᠴᠢᠯᠠᠵᠤ ᠶᠠᠪᠣᠶ᠎ᠠ
ᠨᠥᠮᠵᠦᠭ᠌ ᠬᠠᠯᠠᠭᠤᠨ ᠬᠠᠢ᠌ᠷ᠎ᠠ ᠶᠢ ᠴᠢᠨᠢ
ᠨᠠᠷᠭᠢᠮ᠎ᠠ ᠰᠠᠢ᠌ᠬᠠᠨ ᠳᠤ ᠨᠢ ᠡᠵᠡᠯᠡᠶ᠎ᠡ ᠳ᠋ᠠ︕
ᠠᠮᠢᠳᠤᠷᠠᠯ ᠤᠨ ᠰᠤᠳᠤᠨ ᠣᠬᠠᠭᠠᠨ ᠳᠠᠢ
ᠬᠠᠷ᠎ᠠ ᠨᠢᠳᠤᠨ ᠭᠡᠦᠭᠡᠨ ᠴᠢᠨᠤᠭᠢ ᠪᠠᠨ
ᠠᠨᠢᠰᠬ᠎ᠠ ᠶᠢᠨ ᠣᠷᠳᠤ ᠰᠤᠷᠮᠤᠤᠰᠤ ᠪᠠᠷ ᠴᠢᠨᠢ ᠳᠤᠭᠯᠠᠨ
ᠠᠮᠠᠷᠠᠭ ᠬᠠᠯᠠᠭᠤᠨ ᠪᠠᠶᠠᠰᠴᠤ ᠶᠠᠪᠣᠶ᠎ᠠ︕
ᠠᠢ᠌ᠯ ᠤᠨ ᠭᠤᠶᠤᠬᠠᠨ ᠭᠡᠦᠭᠡᠡᠴᠦᠳ ᠤᠨ ᠳᠤᠮᠳᠠ ᠡᠴᠠ
ᠠᠮᠠᠷᠠᠭ ᠵᠠᠶᠠᠭᠠᠨ ᠤ ᠮᠢᠨᠢ ᠣᠳᠤ ᠨᠢ ᠪᠣᠯᠤᠭᠠᠰᠠᠢ︕
ᠢᠨᠠᠭ ᠬᠠᠯᠠᠭᠤᠨ ᠦᠨᠦᠰᠤᠯ ᠶᠢᠡᠷ ᠴᠢᠨᠢ ᠳᠤᠳᠤᠯᠵᠤ
ᠢᠪᠠᠭᠡᠯ ᠰᠠᠢ᠌ᠳᠠᠢ ᠭᠦᠭ᠍ᠰᠡᠵᠤ ᠶᠠᠪᠣᠶ᠎ᠠ︕
2010.4.12
ᠵᠤᠬᠢᠶᠠᠭᠴᠢ ᠶᠢᠨ ᠬᠠᠶᠢᠭ᠄ ᠵᠠᠷᠤᠳ ᠮᠤᠩᠭ᠋ᠤᠯ ᠬᠤᠶᠠᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠬᠠᠭᠤᠴᠢᠳ·ᠭᠢᠯᠪᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ