☆ ᠪᠠ᠊·ᠤᠳᠬᠤᠠᠪᠠᠭᠠᠳᠤᠷ
ᠰᠸᠴᠤᠸᠠᠨ ᠮᠤᠩᠭ᠋ᠤᠯ ᠳᠤ ᠪᠠᠨ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠤᠩᠭ᠋ᠤᠯ ᠣᠳᠤᠨ ᠳᠡᠯᠭᠡᠴᠡ ᠪᠠᠷ ᠰᠸᠴᠤᠸᠠᠨ ᠳᠤ ᠠᠵᠠ ᠳᠦᠷᠤᠨ ᠶᠠᠪᠣᠭ᠎ᠠ ᠮᠤᠩᠭ᠋ᠤᠯ ᠶᠢᠡᠨ ᠬᠠᠷᠠᠭᠠᠤᠨ
ᠵᠢᠷᠦᠭᠡᠨ ᠳᠤ ᠵᠠᠩᠭᠢᠷᠠᠭᠰᠠᠨ ᠡᠭᠡᠰᠢᠭ᠌ ᠶᠢᠡᠷ ᠴᠢᠨᠢ
ᠨᠢᠯᠪᠣᠰᠤ ᠣᠶᠠᠷᠠᠨ ᠣᠨᠠᠳᠠᠭ ᠢ ᠳᠠᠨᠢ
ᠴᠢᠰᠤ ᠨᠢᠭᠡ ᠣᠭᠰᠠᠭ᠎ᠠ ᠪᠠᠨ ᠪᠢᠳᠠ
ᠡᠯᠢᠭᠡ ᠪᠠᠷ ᠨᠢ ᠪᠦᠳᠤᠨ ᠳᠠᠭᠤᠯᠠᠶ᠎ᠠ ᠳ᠋ᠠ
《 ᠠᠷᠠᠵᠠ》 ᠯᠠ ᠭᠡᠭᠦ ᠭᠡᠳᠦᠭᠡᠨ ᠥᠭᠡ ᠲᠡᠶ ᠴᠤ
ᠡᠪᠦᠭᠡ ᠶᠢᠨ ᠮᠢᠨᠢ ᠣᠷᠭᠢᠭᠰᠠᠨ ᠰᠦᠨᠠᠰᠤ ᠶᠤᠮ ᠪᠠᠢ᠌ᠨ᠎ᠠ
ᠠᠪᠣ ᠶᠢᠨ ᠨᠤᠳᠤᠭ ᠲᠤ ᠪᠠᠨ ᠪᠣᠴᠠᠨ᠎ᠠ ᠭᠡᠭᠦ
ᠰᠡᠳᠭᠢᠯ ᠨᠢ ᠶᠠᠷᠤ ᠬᠤᠪᠢᠷᠠᠭ᠎ᠠ ᠦᠭᠡᠶ ᠶᠤᠮ ᠪᠠᠢ᠌ᠨ᠎ᠠ
ᠰᠥᠰᠦᠭ᠍ᠳᠡᠨ ᠪᠣᠰᠤᠭ᠎ᠠ ᠮᠤᠩᠭ᠋ᠤᠯ ᠭᠦᠮᠤᠨ
ᠥᠡᠳᠦᠷᠯᠢᠭ᠌ ᠢ ᠴᠢᠨᠢ ᠳᠠᠢ᠌ᠯᠠᠭᠰᠠᠨ ᠭᠡᠷᠡᠴᠢ ᠨᠢ ᠶᠤᠮ
ᠰᠸᠴᠤᠸᠠᠨ ᠣᠷᠤᠨ ᠢ ᠨᠤᠶᠠᠷᠬᠠᠨᠠ ᠭᠡᠵᠤ
ᠥᠯᠡᠳᠡᠭᠡᠵᠤ ᠬᠠᠶᠠᠭᠰᠠᠨ ᠳᠡᠦᠭᠡ ᠨᠢ ᠶᠤᠮ ᠪᠠᠢ᠌ᠨ᠎ᠠ
ᠥᠭᠡ ᠭᠡᠯᠡ ᠨᠢ ᠬᠠᠢ᠌ᠯᠤᠭᠳᠠᠴᠢᠬᠠᠯᠠ ᠴᠤ ᠭᠡᠯᠡ
ᠥᠰᠦᠭ᠌ ᠶᠢᠡᠨ ᠳᠦᠰᠢᠭᠡᠳ ᠪᠣᠰᠳᠠᠭ ᠶᠤᠮ ᠪᠠᠢ᠌ᠨ᠎ᠠ
ᠡᠭᠡ ᠰᠤᠶᠤᠯ ᠶᠢᠡᠨ ᠬᠠᠮᠠᠭᠠᠯᠠᠨ᠎ᠠ ᠭᠡᠭᠦ
ᠵᠤᠷᠢᠭ ᠶᠢᠡᠨ ᠶᠠᠷᠤ ᠬᠠᠶᠠᠭ᠎ᠠ ᠥᠭᠡᠢ
ᠥᠡᠳᠦᠷᠯᠢᠭ᠌ ᠤᠨ ᠦᠨᠳᠦᠷ ᠣᠷᠤᠢ ᠪᠠᠷ
ᠳᠡᠷᠯᠢᠭ᠌ ᠶᠢᠡᠷ ᠶᠢᠡᠨ ᠮᠤᠩᠭ᠋ᠤᠯ ᠶᠠᠪᠣᠳᠠᠭ ᠶᠤᠮ ᠪᠠᠢ᠌ᠨ᠎ᠠ
ᠡᠪᠦᠭᠡ ᠶᠤᠰᠤᠨ ᠤ ᠵᠠᠩᠰᠢᠯ ᠶᠢᠡᠨ ᠳᠠᠳᠠ
ᠣᠮᠠᠷᠳᠠᠵᠤ ᠶᠠᠷᠤ ᠨᠢ ᠥᠵᠡᠭᠡ ᠦᠭᠡᠶ ᠶᠤᠮ ᠪᠠᠢ᠌ᠨ᠎ᠠ
ᠶᠠᠰᠤ ᠬᠠᠳᠠᠭᠤ ᠦᠨᠳᠦᠰᠦᠳᠠᠨ ᠤ ᠮᠢᠨᠢ
ᠰᠸᠴᠤᠸᠠᠨ ᠳᠤ ᠣᠷᠭᠢᠭᠰᠠᠨ ᠮᠤᠩᠭ᠋ᠤᠯᠴᠤᠳ ᠵᠢᠠᠨ
ᠦᠨᠳᠦᠰᠦ ᠪᠠᠨ ᠨᠡᠭᠡᠵᠤ ᠮᠦᠷᠦᠭᠡᠳᠦᠭ᠍ᠰᠡᠨ
ᠰᠡᠳᠭᠢᠯ ᠢ ᠴᠢᠨᠢ ᠶᠠᠭᠠᠭᠢᠵᠤ ᠠᠷᠭᠠᠳᠠᠶ᠎ᠠ ᠳ᠋ᠠ
ᠡᠭᠡ ᠣᠷᠤᠨ ᠴᠢᠨᠢ
ᠠᠯᠳᠠᠷ ᠢ ᠴᠢᠨᠢ ᠯᠠᠪ ᠳᠤᠭᠠᠴᠠᠨ᠎ᠠ
ᠡᠯᠢᠭᠡ ᠨᠢᠭᠡᠳᠡᠨ ᠴᠢᠨᠢ
ᠵᠢᠷᠦᠭᠡ ᠪᠠᠷ ᠨᠢ ᠯᠠᠪ ᠳᠠᠨᠢᠨ᠎ᠠ ︕
2011 . 11 .28
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ