ᠨᠡᠪᠲᠡᠷᠡᠨ ᠤᠷᠤᠬᠤ
ᠨᠤᠳᠤᠭ ᠤᠨ ᠴᠢᠯᠠᠭᠤ
᠊᠊᠊᠊᠊᠊᠊᠊᠊᠊᠊᠊᠊᠊᠊ ᠨᠤᠳᠤᠭ ᠶᠢᠠᠨ ᠳᠤᠷᠠᠰᠬᠤ ᠳᠠᠭᠠᠨ ᠰᠡᠳᠭᠢᠭᠰᠡᠨ ᠰᠤᠯᠠ ᠰᠢᠯᠦᠭᠯᠡᠯ


ᠨᠠᠷᠠᠨ ᠤ

ᠪᠢᠳᠡᠭᠦᠤ ᠴᠠᠭᠠᠨ ᠬᠠᠰᠭᠢᠷᠤᠯ

ᠨᠠᠮ᠎ᠠ ᠶᠢ᠌

ᠪᠢᠯᠡᠭᠦᠳᠡᠵᠤ ᠰᠤᠷᠭᠠᠭᠰᠠᠨ

ᠨᠠᠭᠠᠳᠤᠮ


ᠰᠠᠷᠠᠨ ᠤ

ᠰᠠᠳᠠᠷᠠᠭᠰᠠᠨ ᠵᠥᠭᠡᠯᠡᠨ ᠠᠮᠢᠰᠬᠤᠭ᠎ᠠ

ᠰᠠᠨᠠᠭᠠᠨ ᠳᠤ ᠮᠢᠨᠢ

ᠰᠠᠢ᠌ᠬᠠᠨ ᠵᠢᠭᠦᠷ ᠣᠷᠭᠤᠯᠤᠭᠰᠠᠨ

ᠭᠦᠰᠡᠯᠡᠩ


ᠣᠳᠤᠨ ᠤ

ᠣᠴᠢᠯᠠᠭᠰᠠᠨ ᠬᠤᠷᠴᠠ ᠭᠡᠷᠡᠯ

ᠣᠶᠤᠨ ᠳᠤ ᠮᠢᠨᠢ

ᠣᠷᠤᠨ ᠪᠠᠢ᠌ᠷᠢ ᠡᠵᠡᠯᠡᠭ᠍ᠰᠡᠨ

ᠥᠯᠢᠭᠡᠷ


ᠰᠠᠯᠭᠢᠨ ᠤ

ᠰᠠᠮᠨᠠᠭᠰᠠᠨ ᠨᠢᠭᠤᠴᠠ ᠥᠭᠡ

ᠰᠠᠠᠳᠤᠷᠬᠤ ᠳᠤ ᠮᠢᠨᠢ

ᠰᠠᠮᠪᠠᠭ᠎ᠠ ᠳᠦᠷᠦᠭᠦᠯᠳᠡᠭ᠌ ᠣᠬᠠᠭᠠᠨ


ᠪᠣᠷᠤᠭᠠᠨ ᠤ

ᠪᠣᠯᠪᠠᠰᠤᠷᠠᠭᠰᠠᠨ ᠬᠠᠷ᠎ᠠ ᠨᠢᠳᠤ

ᠪᠣᠰᠬᠤ ᠳᠤ ᠮᠢᠨᠢ

ᠪᠣᠳᠤᠯ ᠳᠤᠯᠳᠠᠭ ᠴᠡᠭ᠌︕


             1995.2.16 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2011 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ