ᠨᠡᠪᠲᠡᠷᠡᠨ ᠤᠷᠤᠬᠤ
ᠭᠡᠷᠢᠶᠡᠰᠦᠯᠡᠯ

ᠥᠩᠭᠡᠷᠡᠭ᠍ᠰᠡᠨ ᠵᠤᠨ ᠪᠢ ᠠᠷᠤ ᠬᠠᠩᠭ᠋ᠠᠢ ᠠᠢ᠌ᠮᠠᠭ ᠲᠤ ᠪᠠᠢ᠌ᠳᠠᠭ ᠠᠪᠠᠭ᠎ᠠ ᠠᠬ᠎ᠠ ᠶᠢᠨ ᠳᠠᠭᠠᠨ ᠠᠮᠠᠷᠠᠵᠤ ᠪᠢᠯᠠ ᠃ ᠳᠠᠳᠠᠨ ᠤ ᠠᠢ᠌ᠯ ᠢ ᠶᠤᠠᠳᠤᠨ ᠤ ᠭᠢ ᠭᠡᠳᠡᠭ᠌ ᠃ ᠮᠠᠨ ᠤ ᠠᠬ᠎ᠠ ᠶᠢᠨ ᠭᠢ ᠲᠡᠶ ᠨᠠᠢ᠌ᠯᠠᠵᠤ ᠨᠢᠭᠡᠳᠦᠯ ᠤᠨ 1000 ᠰᠢᠬᠠᠮ ᠬᠤᠨᠢ ᠶᠢ ᠬᠠᠷᠢᠭᠤᠯᠳᠠᠭ ᠪᠠᠢ᠌ᠯ᠎ᠠ ᠃ ᠶᠤᠠᠳᠤᠨ ᠤ ᠭᠢ ᠣᠭ ᠨᠢ ᠮᠠᠨ ᠤ ᠨᠤᠳᠤᠭ ᠤᠨ ᠭᠢ ᠪᠢᠰᠢ ᠂ ᠬᠤᠵᠢᠮ ᠨᠠᠮᠠᠶ᠋ᠢ ᠰᠤᠷᠭᠠᠭᠤᠯᠢ ᠶᠢᠨ ᠮᠦᠷ ᠭᠦᠭᠡᠭᠡᠵᠤ ᠭᠠᠷᠤᠭᠰᠠᠨ ᠡᠴᠡ ᠬᠣᠢ᠌ᠰᠢ ᠴᠠᠭᠠᠴᠢᠯᠠᠨ ᠢᠷᠠᠵᠢ ᠃ ᠭᠡᠦᠭᠡᠤᠨ ᠤᠳ ᠨᠢ ᠪᠦᠷ ᠠᠢ᠌ᠯ ᠪᠣᠯᠤᠭᠠᠤᠨ ᠥᠭᠡᠷ᠎ᠡ ᠨᠤᠳᠤᠭ ᠲᠤ ᠪᠠᠢ᠌ᠳᠠᠭ ᠃ ᠶᠤᠠᠳᠤᠨ ᠤ ᠭᠢ ᠡᠭᠡ ᠬᠠᠠᠳᠠ ᠭᠡᠭ᠍ᠴᠢ ᠨᠠᠶᠠ ᠭᠠᠷᠤᠭᠰᠠᠨ ᠨᠠᠰᠤᠳᠠᠢ ᠡᠮᠡᠭᠡᠨ ᠲᠡᠶ ᠪᠠᠨ ᠬᠠᠮᠳᠤ ᠪᠠᠷ ᠠᠮᠢᠳᠤᠷᠠᠳᠠᠭ ᠪᠠᠢ᠌ᠪᠠ ᠃

ᠬᠠᠠᠳᠠ ᠭᠤᠸᠠᠢ ᠰᠢᠭ ᠦᠨᠳᠦᠷ ᠨᠠᠰᠤᠳᠠᠢ ᠡᠮᠡᠭᠡᠤᠨ ᠣᠯᠠᠨ ᠥᠭᠡ ᠲᠡᠶ᠂ ᠶᠠᠷᠢᠶᠠᠨ ᠳᠤ ᠳᠤᠷ᠎ᠠ ᠲᠡᠶ ᠪᠠᠢ᠌ᠳᠠᠭ ᠃ ᠢᠯᠠᠩᠭ᠋ᠤᠶ᠎ᠠ ᠬᠠᠭᠤᠴᠢᠨ ᠶᠠᠭᠤᠮ᠎ᠠ ᠂ ᠵᠠᠯᠠᠭᠤ ᠶᠢᠨ ᠶᠠᠪᠣᠳᠠᠯ ᠢ ᠠᠰᠠᠭᠤᠪᠠᠯ ᠴᠡᠴᠡᠭᠯᠡᠵᠤ ᠶᠠᠪᠣᠭᠰᠠᠨ ᠢᠳᠠ ᠰᠠᠢ᠌ᠬᠠᠨ ᠨᠠᠰᠤ ᠪᠠᠨ ᠪᠣᠳᠤᠵᠤ ᠰᠠᠤᠠᠭᠢᠯ ᠰᠠᠨᠠᠭ᠎ᠠ ᠨᠢ ᠰᠡᠷᠭᠦᠨ ᠶᠠᠷᠢᠶ᠎ᠠ ᠨᠢ ᠡᠴᠦᠰ ᠳᠡᠭᠦᠰᠭᠡᠯ ᠦᠭᠡᠶ ᠪᠣᠯᠳᠠᠭ ᠰᠢᠤ ᠳ᠋ᠡ ᠃ ᠬᠠᠷᠢᠨ ᠬᠠᠠᠳᠠ ᠭᠤᠸᠠᠢ ᠳᠠᠢ᠌ᠮᠤ ᠪᠢᠰᠢ ᠠᠵᠠᠢ ᠃ ᠠᠮᠠᠷᠠᠵᠤ ᠪᠠᠢ᠌ᠬᠤ ᠳᠠᠭᠠᠨ ᠭᠠᠭᠴᠠ ᠥᠭᠦᠯᠯᠡᠭᠡ ᠶᠢᠨ ᠮᠠᠲ᠋ᠸᠷᠢᠶᠠᠯ ᠣᠯᠵᠤ ᠠᠪᠣᠶ᠎ᠠ ᠭᠡᠵᠤ ᠪᠣᠳᠤᠭᠠᠤᠨ ᠬᠠᠠᠳᠠ ᠭᠤᠸᠠᠢ ᠲᠡᠶ ᠭᠡᠳᠤ ᠳᠠᠭᠢᠨ ᠶᠠᠷᠢᠬᠤ ᠭᠡᠵᠤ ᠣᠷᠤᠯᠳᠤᠭᠠᠤᠨ ᠴᠢᠳᠠᠭᠰᠠᠨ ᠦᠭᠡᠶ᠃ ᠡᠨᠡ ᠳᠤᠬᠠᠢ ᠶᠤᠠᠳᠤᠨ ᠳᠤ ᠭᠤᠮᠳᠠᠨ ᠭᠡᠯᠡᠭᠦ ᠳᠤ᠄  《ᠮᠠᠨ ᠤ ᠡᠵᠢ ᠣᠷᠢᠳᠤ ᠶᠢᠨ ᠶᠠᠪᠣᠳᠠᠯ ᠶᠢᠡᠨ ᠶᠠᠷᠢᠬᠤ ᠳᠤᠩ ᠳᠤᠷ᠎ᠠ ᠦᠭᠡᠶ᠂ ᠡᠴᠢᠭᠡ ᠮᠢᠨᠢ ᠶᠠᠮᠠᠷ ᠭᠦᠮᠤᠨ ᠪᠠᠢ᠌ᠭᠰᠠᠨ ᠢ ᠴᠤ ᠶᠠᠷᠢᠵᠤ ᠦᠭ‍ᠭᠦᠭᠡ ᠦᠭᠡᠶ ᠰᠢᠤ》 ᠭᠡᠵᠤ ᠬᠠᠷᠢᠭᠤᠯᠪᠠ ᠃ ᠬᠠᠠᠳᠠ ᠭᠤᠸᠠᠢ ᠡᠴᠡ ᠶᠠᠭᠤᠮ᠎ᠠ ᠰᠤᠨᠤᠰᠬᠤ ᠭᠦᠰᠡᠯ ᠨᠠᠳᠠ ᠶᠡᠭᠡ ᠪᠠᠢ᠌ᠯ᠎ᠠ ᠃ ᠡᠨᠡ ᠡᠮᠡᠭᠡᠨ ᠤ ᠲᠦᠮᠡᠨ ᠣᠴᠠᠷᠠᠯ ᠡᠴᠡ ᠪᠣᠯᠤᠭᠰᠠᠨ ᠭᠤᠯᠵᠠᠭᠠᠢ ᠪᠣᠷᠤ ᠨᠢᠭᠤᠷ ᠂ ᠢᠯᠴᠢ ᠭᠠᠯ ᠨᠢ ᠠᠯᠠᠭ᠎ᠠ ᠪᠣᠯᠤᠭᠰᠠᠨ ᠴᠡᠢ᠌ᠯᠡᠭᠡᠷ ᠨᠢᠳᠤᠨ ᠤ ᠴᠠᠭᠠᠨ᠎ᠠ ᠣᠷᠳᠤ ᠣᠳᠠᠭᠠᠨ ᠠᠮᠢᠳᠤᠷᠠᠯ ᠤᠨ ᠰᠤᠨᠢᠨ ᠬᠠᠴᠢᠨ ᠶᠠᠭᠤᠮ᠎ᠠ ᠨᠢᠭᠤᠭᠳᠠᠵᠤ ᠪᠠᠢ᠌ᠭ᠎ᠠ ᠨᠢ ᠳᠤᠳᠤᠷᠠᠬᠠᠢ ᠪᠣᠯᠬᠤᠷ ᠶᠠᠷᠢᠶ᠎ᠠ ᠭᠡᠭᠦ ᠪᠢᠯᠠ ᠳ᠋ᠡ᠃

ᠠᠮᠷᠠᠯᠳᠠ ᠮᠢᠨᠢ ᠳᠠᠭᠤᠰᠴᠤ ᠶᠠᠪᠣᠬᠤ ᠪᠠᠷ ᠪᠠᠯᠤᠨᠭᠡᠵᠤ ᠪᠠᠢ᠌ᠳᠠᠯ᠎ᠠ ᠬᠠᠠᠳᠠ ᠭᠤᠸᠠᠢ ᠣᠷᠤᠵᠤ ᠢᠷᠡᠭᠡᠤᠨ ᠪᠠᠷᠭᠡᠨ ᠤ ᠭᠢᠵᠤ ᠪᠠᠷᠢᠭᠰᠠᠨ ᠴᠠᠢ ᠶᠢ ᠣᠤᠭᠤᠵᠤ ᠭᠡᠰᠡᠭ᠌ ᠳᠤᠭᠤᠢ ᠰᠠᠭᠤᠭᠰᠠᠨ᠎ᠠ ᠄

᠊᠊᠊᠊᠊᠊᠊᠊᠊᠊᠊᠊᠊᠊᠊ ᠭᠦᠤ ᠮᠢᠨᠢ ᠴᠢᠮᠠᠶ᠋ᠢ ᠶᠠᠭᠤᠮ᠎ᠠ ᠪᠢᠴᠢᠳᠡᠭ᠌ ᠭᠡᠯᠴᠡᠭᠦ ᠶᠤᠮ ᠂ ᠦᠨᠡᠨ ᠦᠦ︖ ᠭᠡᠵᠤ ᠠᠰᠠᠭᠤᠯ᠎ᠠ ᠃

᠊᠊᠊᠊᠊᠊᠊᠊᠊᠊᠊᠊᠊᠊᠊ ᠳᠠᠢ᠌ᠮᠤ ᠡ ︕ ᠪᠢ ᠵᠤᠬᠢᠶᠠᠯᠴᠢ ᠭᠦᠮᠤᠨ ᠂ ᠪᠠᠰᠠ ᠰᠤᠨᠢᠨ ᠤ ᠭᠠᠵᠠᠷ ᠲᠤ ᠠᠵᠢᠯᠯᠠᠳᠠᠭ ᠭᠡᠤᠨ ᠯᠠ ᠦᠪᠡᠷ ᠤᠨ ᠭᠢ ᠪᠠᠨ ᠳᠤᠬᠠᠢ ᠳᠤᠪᠴᠢ ᠶᠠᠷᠢᠵᠤ ᠦᠭ‍ᠭᠦᠯ᠎ᠡ ᠃

ᠬᠠᠠᠳᠠ ᠭᠤᠸᠠᠢ ᠶᠢᠨ ᠠᠰᠠᠭᠤᠯᠳᠠ ᠶᠢ ᠰᠤᠨᠤᠰᠤᠭᠠᠤᠨ ᠨᠠᠳᠠ ᠰᠤᠨᠢᠨ ᠶᠠᠭᠤᠮ᠎ᠠ ᠰᠤᠨᠤᠰᠬᠤ ᠦᠯᠡᠮᠵᠢ ᠭᠤᠷᠢᠳᠠᠯᠭ᠎ᠠ ᠪᠣᠢ ᠪᠣᠯᠤᠭᠰᠠᠨ ᠪᠢᠯᠠ ᠃ ᠭᠡᠳᠡᠯ᠎ᠡ ᠳᠤᠤᠭᠠᠷᠳᠠᠭ ᠦᠭᠡᠶ᠂ ᠳᠤᠭᠤᠰᠢ ᠬᠠᠷᠠᠨ ᠴᠠᠢ ᠣᠤᠭᠤᠵᠤ ᠳᠠᠭᠤᠰᠤᠭᠰᠠᠨ ᠱᠠᠭᠠᠵᠠᠩ ᠤᠨ ᠶᠢᠡᠨ ᠭᠡ ᠶᠢ ᠦᠵᠡᠵᠤ ᠪᠠᠢ᠌ᠯ᠎ᠠ ᠃ ᠡᠨᠡ ᠦᠶ᠎ᠡ ᠳᠤ ᠳᠡᠭᠦᠨ ᠤ ᠨᠢᠭᠤᠷ ᠬᠠᠷᠠᠭᠳᠠᠭᠰᠠᠨ ᠦᠭᠡᠶ᠂ ᠭᠡᠪᠠᠴᠤ ᠳᠠᠷᠠ ᠭᠡ ᠶᠢ ᠠᠩᠬᠠᠷᠤᠨ ᠰᠤᠨᠢᠷᠬᠠᠵᠤ ᠪᠠᠢ᠌ᠭ᠎ᠠ ᠪᠢᠰᠢ ᠭᠡᠳᠡᠭ᠌ ᠢ ᠪᠢ ᠮᠠᠳᠠᠵᠤ ᠪᠠᠢ᠌ᠯ᠎ᠠ ᠃ ᠣᠴᠢᠷ ᠨᠢ ᠂ ᠳᠤᠳᠤᠭᠠᠳᠤ ᠰᠠᠤᠠᠭᠢᠯ ᠤᠨ ᠭᠦᠨ ᠪᠣᠳᠤᠯ ᠳᠤ ᠳᠠᠷᠤᠭᠳᠠᠭᠠᠤᠨ ᠰᠠᠭᠤᠵᠤ ᠪᠠᠢ᠌ᠭ᠎ᠠ ᠭᠦᠮᠤᠨ ᠤ ᠨᠢᠭᠤᠷ ᠨᠢᠳᠤ ᠳᠠᠯᠳᠠ ᠪᠠᠢ᠌ᠪᠠᠴᠤ ᠂ ᠰᠤᠳᠠᠰᠤ ᠠᠮᠢᠰᠬᠤᠭ᠎ᠠ ᠳᠤᠳᠤᠷ᠎ᠠ ᠨᠢ ᠪᠣᠯᠵᠤ ᠪᠠᠢ᠌ᠭ᠎ᠠ ᠶᠡᠭᠡ ᠵᠣᠢ᠌ᠯ ᠢ ᠢᠯᠡᠳᠭᠡᠭᠦ ᠶᠤᠰᠤ ᠪᠠᠢ᠌ᠳᠠᠭ ᠃ ᠬᠠᠠᠳᠠ ᠭᠤᠸᠠᠢ ᠶᠢᠨ ᠰᠤᠳᠠᠰᠤ ᠨᠢ ᠭᠦᠷᠪᠠᠯᠵᠡᠨ ᠴᠠᠴᠠᠷᠡᠵᠤ ᠬᠠᠶᠠ ᠦᠯᠡᠮᠵᠢ ᠵᠥᠭᠡᠯᠡᠨ ᠨᠢᠳᠤ ᠪᠠᠷ ᠬᠠᠷᠠᠭᠰᠠᠨ᠎ᠠ ᠬᠠᠶᠠ ᠳᠤᠳᠤᠷ᠎ᠠ ᠪᠠᠨ ᠭᠦᠨ ᠰᠠᠨᠠᠭ᠎ᠠ ᠠᠯᠳᠠᠵᠤ ᠪᠠᠢ᠌ᠯ᠎ᠠ᠃ ᠳᠡᠭᠡᠭᠡᠤᠨ ᠨᠠᠳᠠ ᠣᠷᠤᠭᠤ᠄

᠊᠊᠊᠊᠊᠊᠊᠊᠊᠊᠊᠊᠊᠊᠊ ᠭᠦᠤ ᠮᠢᠨᠢ ᠮᠠᠨ ᠤ ᠳᠤ ᠣᠷᠤ ᠂ ᠡᠮᠡᠭᠡ ᠨᠢ ᠴᠠᠢ ᠴᠢᠨᠠᠭᠰᠠᠨ ᠶᠤᠮᠰᠠᠨ ᠭᠡᠤᠨ ᠪᠣᠰᠤᠯ᠎ᠠ ᠃ ᠪᠢ ᠳᠦᠷᠭᠡᠨ ᠪᠣᠰᠴᠤ ᠭᠡᠷ ᠳᠤᠨᠢ ᠣᠷᠤᠯ᠎ᠠ᠃ ᠪᠦᠷ ᠣᠯᠪᠣᠭ ᠵᠠᠰᠠᠵᠢ ᠃ ᠰᠠᠭᠤᠮᠠᠭᠴᠠ ᠠᠭᠠᠭ ᠲᠡᠶ᠂ ᠳᠠᠪᠣᠰᠤ ᠲᠡᠶ᠂ ᠳᠤᠰᠤ ᠳᠠᠭᠠᠭᠰᠠᠨ ᠰᠢᠷᠭᠠᠯ ᠴᠠᠢ ᠥᠭ᠍ᠴᠤ ᠂ ᠬᠤᠷᠤᠭᠤ ᠵᠤᠵᠠᠭᠠᠨ ᠦᠷᠦᠮ᠎ᠡ ᠪᠢᠯᠬᠠᠭᠰᠠᠨ ᠴᠠᠭᠠᠨ ᠠᠭᠠᠷᠤᠤᠯ ᠡᠮᠦᠨ᠎ᠡ ᠮᠢᠨᠢ ᠳᠠᠯᠪᠢᠯ᠎ᠠ ᠃ ᠢᠳᠠᠵᠤ ᠣᠤᠭᠤᠵᠤ ᠪᠠᠢ᠌ᠳᠠᠯ᠎ᠠ ᠂ ᠡᠮᠡᠭᠡ ᠨᠠᠳᠠ ᠣᠷᠤᠭᠤ ᠰᠢᠷᠳᠠᠨ ᠭᠡᠰᠡᠭ᠌ ᠠᠩᠵᠠᠭᠠᠷᠠᠭᠰᠠᠨ ᠶᠢᠡᠨ ᠣᠷᠳᠤ ᠭᠡᠭ᠍ᠴᠢ ᠰᠠᠨᠠᠭ᠎ᠠ ᠠᠯᠳᠠᠭᠠᠤᠨ ᠄

᠊᠊᠊᠊᠊᠊᠊᠊᠊᠊᠊᠊᠊᠊᠊ ᠭᠦᠤ ᠮᠢᠨᠢ ᠂ ᠡᠮᠡᠭᠡ ᠨᠢ ᠭᠦᠤ ᠳᠡᠭᠡᠨ ᠨᠢᠭᠡ ᠶᠠᠭᠤᠮ᠎ᠠ ᠶᠠᠷᠢᠵᠤ ᠦᠭ‍ᠪᠠᠯ ᠴᠢ ᠣᠯᠠᠨ ᠭᠦᠮᠤᠨ ᠳᠤ ᠭᠡᠯᠡᠵᠤ ᠥᠭ᠍ᠴᠤ ᠴᠢᠳᠠᠬᠤ ᠦᠦ︖ ᠦᠨᠡᠨ ᠵᠦᠪ ᠶᠢᠡᠷ ᠨᠢ ᠪᠢᠴᠢᠭᠡᠤᠨ ᠯᠠ ᠰᠤᠨᠢᠨ ᠳᠠᠭᠠᠨ ᠭᠡᠪᠯᠡᠭᠦᠯᠵᠤ ᠪᠣᠯᠬᠤ ᠰᠠᠨ ᠪᠣᠯᠪᠠᠤ ︖ ᠭᠡᠤᠨ ᠄

᠊᠊᠊᠊᠊᠊᠊᠊᠊᠊᠊᠊᠊᠊᠊ ᠪᠠᠢ᠌ᠭ᠎ᠠ ᠶᠤᠮ ᠰᠢᠤ ᠳ᠋ᠡ ᠭᠡᠪᠡ ᠃

᠊᠊᠊᠊᠊᠊᠊᠊᠊᠊᠊᠊᠊᠊᠊ ᠴᠢᠳᠠᠬᠤ ᠦᠭᠡᠶ ᠶᠠᠭᠠᠭᠢᠬᠤ ᠪᠤᠢ ᠳ᠋ᠡ ᠂ ᠡᠮᠡᠭᠡ ᠮᠢᠨᠢ ᠂ ᠡᠨᠡ ᠪᠣᠯ ᠮᠢᠨᠤ ᠭᠢᠳᠡᠭ᠌ ᠠᠵᠢᠯ ᠡ ᠃

᠊᠊᠊᠊᠊᠊᠊᠊᠊᠊᠊᠊᠊᠊᠊ ᠡᠮᠡᠭᠡ ᠨᠢ ᠨᠠᠰᠤ ᠦᠨᠳᠦᠷ ᠪᠣᠯᠤᠭᠰᠠᠨ ᠂ ᠣᠳᠠᠬᠤ ᠦᠭᠡᠶ ᠡᠨᠡ ᠬᠤᠷᠸ᠎ᠠ ᠡᠴᠡ ᠰᠠᠯᠤᠨ ᠢᠰᠡᠭᠡᠢ ᠭᠡᠷ ᠡᠴᠡ ᠪᠠᠨ ᠭᠠᠷᠴᠤ ᠭᠦᠳᠡᠭᠡ ᠶᠢᠨ ᠭᠡᠷ ᠲᠡᠭᠡᠨ ᠣᠴᠢᠬᠤ ᠴᠠᠭ ᠣᠢ᠌ᠷᠠᠳᠤᠯ᠎ᠠ ᠃ ᠵᠠᠯᠠᠭᠤ ᠭᠦᠮᠦᠰ ᠲᠤ ᠭᠡᠯᠡᠮᠡᠷ ᠶᠠᠭᠤᠮ᠎ᠠ ᠪᠠᠢ᠌ᠨ᠎ᠠ ᠃ ᠪᠢ 18 ᠨᠠᠰᠤᠳᠠᠢ ᠪᠠᠢ᠌ᠬᠤ ᠳᠠᠭᠠᠨ ᠰᠠᠤᠠᠭᠢᠯ ᠳᠡᠭᠡᠨ ᠭᠦᠡᠳᠤ ᠰᠢᠷᠬ᠎ᠠ ᠣᠯᠤᠭᠰᠠᠨ ᠶᠤᠮ ᠡ᠃ ᠳᠠᠷᠠ ᠰᠢᠷᠬ᠎ᠠ ᠡᠳᠡᠭᠡᠷᠡᠭᠦ ᠦᠭᠡᠶ᠃ ᠭᠡᠤᠨ ᠳᠠᠭᠤ ᠨᠢ ᠳᠠᠰᠤᠷᠠᠵᠤ ᠳᠤᠭᠤᠭᠰᠢ ᠬᠠᠷᠬᠤ ᠳᠤ ᠭᠡᠳᠤ ᠭᠡᠳᠤᠨ ᠨᠢᠯᠪᠣᠰᠤ ᠳᠠᠰᠤᠷᠠᠨ ᠣᠨᠠᠪᠠ ᠃ ᠪᠢ ᠭᠠᠢ᠌ᠬᠠᠨ ᠬᠠᠷᠠᠭᠰᠠᠭᠠᠷ ᠯᠠ ᠃ ᠬᠠᠠᠳᠠ ᠭᠤᠸᠠᠢ ᠠᠯᠭᠤᠷᠬᠠᠨ ᠳᠤᠯᠤᠭᠠᠢ ᠡᠷᠭᠦᠨ ᠨᠠᠮᠠᠶ᠋ᠢ ᠡᠭ᠍ᠴᠡ ᠬᠠᠷᠠᠯ᠎ᠠ ᠃ ᠣᠰᠤᠨ ᠭᠦᠰᠢᠭᠡ ᠳᠠᠳᠠᠭᠰᠠᠨ ᠨᠢᠳᠤ ᠂ ᠴᠠᠴᠠᠷᠡᠵᠤ ᠪᠠᠢ᠌ᠭ᠎ᠠ ᠣᠷᠤᠭᠤᠯ ᠳᠤ ᠨᠢ ᠮᠤᠬᠤᠷᠳᠠᠭᠰᠠᠨ ᠭᠡᠮᠰᠢᠯ ᠳᠦᠭᠦᠷᠡᠩ ᠃ ᠳᠤᠳᠤᠨᠤ ᠬᠠᠢ᠌ᠷ᠎ᠠ ᠲᠡᠶ ᠭᠦᠮᠤᠨ ᠶᠢᠡᠨ ᠨᠠᠰᠤ ᠪᠠᠷᠠᠬᠤ ᠳ᠋ᠤᠨᠢ ᠣᠴᠢᠵᠤ ᠴᠢᠳᠠᠭ᠎ᠠ ᠦᠭᠡᠶ ᠭᠦᠮᠤᠨ ᠂ ᠠᠮᠢᠰᠬᠤᠯ ᠨᠢ ᠳᠠᠰᠤᠷᠠᠬᠤ ᠳᠤ ᠪᠠᠢ᠌ᠵᠤ ᠴᠢᠳᠠᠭᠰᠠᠨ ᠦᠭᠡᠶ 《ᠠᠢ ᠂ ᠬᠠᠯᠠᠭ》 ᠭᠡᠮᠡᠨ ᠳᠤᠯᠤᠭᠠᠢ ᠪᠠᠨ ᠨᠢᠳᠤᠷᠵᠤ ᠪᠠᠢ᠌ᠭ᠎ᠠ ᠭᠦᠮᠤᠨ ᠢ ᠬᠠᠷᠠᠭᠰᠠᠨ ᠪᠣᠯ ᠁ ᠬᠠᠠᠳᠠ ᠭᠤᠸᠠᠢ ᠶᠠᠭ ᠯᠠ ᠳᠠᠢ᠌ᠮᠤ ᠪᠠᠢ᠌ᠯ᠎ᠠ ᠃ ᠬᠠᠠᠳᠠ ᠭᠤᠸᠠᠢ ᠭᠠᠷ ᠤᠨ ᠶᠢᠡᠨ ᠠᠷᠤ ᠪᠠᠷ ᠨᠢᠯᠪᠣᠰᠤ ᠪᠠᠨ ᠠᠷᠴᠢᠨ ᠰᠠᠤᠠᠭᠢᠯ ᠨᠢ ᠰᠢᠯᠤᠭᠤᠳᠠᠭᠰᠠᠨ ᠪᠣᠯᠤᠯᠳᠠᠢ ᠵᠠᠪᠢᠯᠴᠢᠯᠠᠨ ᠰᠠᠭᠤᠳᠠᠯ ᠶᠢᠡᠨ ᠵᠠᠰᠠᠨ ᠂ ᠵᠢᠪᠠᠭᠦᠷᠭᠡᠢ ᠰᠢᠳᠮᠡᠭ ᠳᠠᠭᠤᠨ ᠶᠢᠡᠷ᠄

᠊᠊᠊᠊᠊᠊᠊᠊᠊᠊᠊᠊᠊᠊᠊ ᠪᠢ ᠵᠠᠯᠠᠭᠤ ᠳᠠᠭᠠᠨ ᠨᠤᠳᠤᠭ ᠬᠤᠰᠢᠭᠤᠨ ᠳᠠᠭᠠᠨ ᠭᠠᠢ᠌ᠬᠠᠭᠳᠠᠭᠰᠠᠨ ᠰᠠᠢ᠌ᠬᠠᠨ ᠭᠦᠮᠤᠨ ᠪᠠᠢ᠌ᠭᠰᠠᠨ ᠶᠤᠮ ᠂ ᠴᠢ ᠴᠤ ᠥᠨᠡᠮᠰᠢᠭᠦ ᠦᠭᠡᠶ ᠪᠠᠢ᠌ᠬᠤ ᠳ᠋ᠠ ︖ ᠭᠡᠪᠠᠴᠤ ᠳᠠᠢ᠌ᠮᠤ ᠯᠠ ᠪᠠᠢ᠌ᠭᠰᠠᠨ ︔ ᠭᠡᠤᠨ ᠠᠷᠭ᠎ᠠ ᠨᠢ ᠪᠠᠷᠠᠭᠳᠠᠭᠰᠠᠨ ᠨᠢᠳᠤ ᠪᠠᠷ ᠨᠠᠮᠠᠶ᠋ᠢ ᠬᠠᠷᠠᠯ᠎ᠠ ᠃ ᠥᠨᠡᠡᠳᠡᠭᠡᠨ ᠴᠤ ᠡᠮᠦᠨ᠎ᠡ ᠮᠢᠨᠢ ᠰᠠᠭᠤᠵᠤ ᠪᠠᠢ᠌ᠭ᠎ᠠ ᠡᠮᠡᠭᠡ ᠶᠢ ᠣᠯᠠᠨ ᠳᠤ ᠭᠠᠢ᠌ᠬᠠᠭᠳᠠᠭᠰᠠᠨ ᠰᠠᠢ᠌ᠬᠠᠨ ᠭᠦᠮᠤᠨ ᠪᠠᠢ᠌ᠭᠰᠠᠨ ᠭᠡᠭᠦ ᠳᠤ ᠥᠨᠡᠮᠰᠢᠭᠦ ᠶᠠᠭᠤᠮ᠎ᠠ ᠳᠦᠡᠭ᠌ ᠬᠤᠪᠣᠷ ᠪᠦᠭᠡᠤᠨ ᠂ 《 60 ᠭᠠᠷᠤᠢ ᠵᠢᠯ ᠤᠨ ᠡᠮᠦᠨᠡᠭᠢ ᠥ ᠢᠷᠠᠬᠤ ᠭᠡᠵᠤ ᠪᠠᠢ᠌ᠭ᠎ᠠ ᠰᠢᠤ ᠂ ᠢᠳᠠ 》 ᠭᠡᠵᠤ ᠣᠬᠠᠭᠠᠨ ᠰᠠᠨᠠᠭᠠᠨ ᠳᠠᠭᠠᠨ ᠪᠣᠳᠤᠵᠤ ᠭᠦᠴᠦᠯᠡᠨ ᠥᠨᠡᠮᠰᠢᠭᠦᠯᠭᠦ ᠶᠢ ᠬᠢᠴᠢᠶᠡᠵᠤ ᠪᠠᠢ᠌ᠯ᠎ᠠ ᠃ ᠡᠮᠡᠭᠡ ᠶᠢᠨ ᠨᠢᠳᠤᠨ ᠳᠤ ᠰᠠᠤᠠᠭᠢᠯ ᠤᠨ ᠭᠦᠨ ᠪᠠᠶᠠᠷ ᠤᠨ ᠣᠴᠢ ᠭᠢᠯᠡᠰᠭᠢᠭᠦ ᠥᠴᠦᠭᠡᠨ ᠮᠦᠰᠢᠶᠠᠯ ᠵᠠᠪᠠᠵᠢᠨ ᠳ᠋ᠤᠨᠢ ᠳᠤᠳᠤᠷᠠᠬᠤ ᠮᠠᠳᠤ ᠪᠣᠯᠤᠭᠰᠠᠨ᠎ᠠ᠄

᠊᠊᠊᠊᠊᠊᠊᠊᠊᠊᠊᠊᠊᠊᠊ ᠮᠠᠨ ᠤ ᠭᠢ ᠥᠷᠭᠦᠯᠵᠢ ᠯᠠ ᠵᠠᠮᠪᠠᠯ ᠭᠡᠳᠡᠭ᠌ ᠠᠢ᠌ᠯ ᠲᠡᠶ ᠬᠠᠮᠳᠤ ᠪᠠᠢ᠌ᠳᠠᠭ ᠪᠠᠢ᠌ᠯ᠎ᠠ ᠃ ᠳᠠᠳᠠᠨ ᠤ ᠭᠠᠭᠴᠠ ᠭᠦᠤ ᠶᠤᠠᠳᠤᠨ ᠪᠣᠯ ᠨᠠᠳᠠ ᠡᠴᠡ ᠭᠤᠷᠪᠠ ᠠᠬ᠎ᠠ ᠂ ᠪᠢᠳᠠ ᠬᠤᠶᠠᠷ ᠪᠠᠭ᠎ᠠ ᠡᠴᠡ ᠪᠠᠨ ᠯᠠ ᠬᠠᠮᠳᠤ ᠳᠤᠭᠯᠠᠵᠤ ᠥᠰᠦᠭᠡᠤᠨ ᠨᠠᠮᠠᠶ᠋ᠢ ᠠᠷᠪᠠᠨ ᠵᠢᠷᠭᠤᠭᠠᠨ ᠨᠠᠰᠤ ᠭᠦᠷᠭᠦ ᠳᠤ ᠶᠤᠠᠳᠤᠨ ᠤ ᠵᠠᠩ ᠨᠢᠭᠡ ᠯᠠ ᠪᠢᠰᠢ ᠪᠣᠯᠤᠨ ᠬᠤᠪᠢᠷᠠᠪᠠ ᠃ ᠳᠠᠷᠠ ᠨᠠᠳᠠ ᠰᠠᠢ᠌ᠨ ᠶᠠᠭᠤᠮ᠎ᠠ ᠭᠢᠭᠦ ᠭᠦᠰᠡᠯ ᠲᠡᠶ᠂ ᠮᠢᠨᠤ ᠶᠠᠭᠤ ᠪᠦᠭᠦᠨ ᠡᠴᠡ ᠵᠥᠷᠢᠭᠦ ᠦᠭᠡᠶ ᠪᠣᠯᠤᠯ᠎ᠠ ᠃ ᠭᠦᠮᠤᠨ ᠥᠩᠭᠡᠷᠡᠭ᠍ᠰᠡᠨ ᠤ ᠬᠣᠢ᠌ᠨ᠎ᠠ ᠶᠠᠭᠤᠮ᠎ᠠ ᠶᠢ ᠡᠷᠭᠢᠴᠡᠭᠦᠯᠤᠨ ᠪᠣᠳᠤᠬᠤ ᠳᠤ ᠳᠠᠷᠠ ᠦᠶ᠎ᠡ ᠳᠤ ᠣᠭᠳᠤ ᠠᠵᠢᠭᠯᠠᠭᠰᠠᠨ ᠦᠭᠡᠶ ᠶᠠᠭᠤᠮ᠎ᠠ ᠳᠤᠳᠤᠷᠠᠨ ᠂ ᠣᠴᠢᠷ ᠨᠢ ᠣᠯᠳᠠᠬᠤ ᠦᠭᠡᠶ ᠶᠠᠭᠤᠮ᠎ᠠ ᠶᠢᠨ ᠣᠴᠢᠷ ᠨᠢ ᠣᠯᠳᠠᠳᠠᠭ ᠰᠢᠤ ᠳ᠋ᠡ ᠃ ᠢᠯᠠᠩᠭ᠋ᠤᠶ᠎ᠠ ᠰᠠᠤᠠᠭᠢᠯ ᠳᠤ ᠭᠦᠨ ᠥᠯᠡᠳᠡᠭ᠍ᠰᠡᠨ ᠶᠠᠭᠤᠮ᠎ᠠ ᠶᠢ ᠡᠷᠭᠢᠴᠡᠭᠦᠯᠤᠨ ᠪᠣᠳᠤᠬᠤ ᠳᠤ ᠬᠠᠷᠮᠠᠰᠠᠬᠤ ᠂ ᠪᠠᠶᠠᠰᠠᠬᠤ ᠵᠣᠢ᠌ᠯ ᠮᠦᠨ ᠴᠤ ᠶᠡᠭᠡ ᠭᠠᠷᠳᠠᠭ ᠠᠵᠠᠢ ᠃ ᠶᠤᠠᠳᠤᠨ ᠤ ᠵᠠᠩ ᠶᠡᠭᠡ ᠥᠭᠡᠷ᠎ᠡ ᠪᠣᠯᠵᠤ ᠪᠢᠯᠠ ᠃

ᠶᠤᠠᠳᠤᠨ ᠤ ᠠᠯᠬᠤᠮ ᠪᠦᠷᠢ ᠂ ᠭᠦᠳᠡᠯᠭᠦ ᠪᠦᠷᠢ ᠡᠴᠡ ᠨᠠᠳᠠ ᠳᠤ ᠭᠢᠵᠠᠭᠠᠷ ᠦᠭᠡᠶ ᠰᠠᠤᠠᠭᠢᠯ ᠲᠡᠶ ᠨᠢ ᠢᠯᠡᠷᠭᠡᠢ ᠪᠠᠢ᠌ᠵᠤ ᠯᠠ ᠳ᠋ᠡ᠃ ᠵᠠᠶᠠᠭ᠎ᠠ ᠦᠭᠡᠶ ᠭᠦᠮᠤᠨ ᠤ ᠭᠦᠯ ᠳᠤ ᠶᠤᠸᠠᠠᠪᠣᠤ ᠳᠠᠯᠪᠢᠬᠤ ᠳᠤ ᠰᠤᠬᠤᠷ ᠭᠦᠮᠤᠨ ᠪᠣᠯᠵᠤ ᠨᠢᠳᠤ ᠪᠠᠨ ᠠᠨᠢᠭᠠᠤᠨ ᠭᠠᠷᠤᠭᠰᠠᠨ ᠭᠡᠳᠡᠭ᠌ ᠃ ᠪᠢ ᠶᠤᠠᠳᠤᠨ ᠤ ᠳᠠᠷᠠ ᠰᠠᠢ᠌ᠬᠠᠨ ᠰᠠᠤᠠᠭᠢᠯ ᠢ ᠨᠢ ᠣᠯᠵᠤ ᠬᠠᠷᠠᠬᠤ ᠦᠭᠡᠶ ᠪᠠᠢ᠌ᠯ᠎ᠠ ᠃ ᠳᠡᠭᠦᠨ ᠢ ᠪᠠᠭ᠎ᠠ ᠡᠴᠡ ᠪᠠᠨ ᠳᠤᠭᠯᠠᠵᠤ ᠥᠰᠦᠭ᠍ᠰᠡᠨ ᠨᠥᠭᠦᠷ ᠮᠢᠨᠢ ᠯᠠ ᠭᠡᠵᠤ ᠪᠣᠳᠤᠳᠠᠭ ᠡᠴᠡ ᠳᠡᠭᠦᠨ ᠳᠤ ᠬᠠᠢ᠌ᠷ᠎ᠠ ᠰᠠᠤᠠᠭᠢᠯ ᠲᠡᠶ ᠪᠣᠯᠤᠭ᠎ᠠ ᠦᠭᠡᠶ ᠪᠠᠢ᠌ᠯ᠎ᠠ ᠃ ᠨᠠᠮᠠᠶ᠋ᠢ ᠭᠦᠰᠡᠵᠤ ᠮᠥᠷᠦᠭᠡᠳᠦᠭ᠍ᠰᠡᠨ ᠣᠯᠤᠰ ᠵᠠᠬ᠎ᠠ ᠡᠴᠡ ᠠᠪᠣᠭᠠᠤᠨ ᠪᠠᠢ᠌ᠳᠠᠭ ᠪᠠᠢ᠌ᠯ᠎ᠠ ᠃ ᠭᠠᠳᠠᠨ᠎ᠠ ᠡᠴᠡ ᠨᠢ ᠬᠠᠷᠠᠪᠠᠯ ᠶᠤᠠᠳᠤᠨ ᠳᠤ ᠭᠤᠶᠤ ᠴᠤ ᠭᠡᠭᠦ ᠶᠠᠭᠤᠮ᠎ᠠ ᠠᠯᠠᠭ᠎ᠠ ᠃ ᠢᠯᠠᠩᠭ᠋ᠤᠶ᠎ᠠ ᠣᠯᠠᠨ ᠭᠦᠮᠤᠨ ᠤ ᠨᠢᠳᠤ ᠪᠠᠭᠤᠯᠭᠠᠭᠰᠠᠨ ᠵᠠᠯᠠᠭᠤ ᠶᠢᠨ ᠴᠠᠭ ᠲᠤ ᠪᠣᠯ ᠱᠤᠬᠤᠭᠤᠷᠬᠠᠨ ᠬᠠᠷᠠᠮᠠᠷ ᠶᠠᠭᠤᠮ᠎ᠠ ᠳᠡᠭᠦᠨ ᠳᠤ ᠪᠠᠢ᠌ᠭ᠎ᠠ ᠦᠭᠡᠶ᠂ ᠵᠢᠵᠢᠭ᠍‍ᠭᠡᠨ ᠪᠠᠶ᠎ᠠ ᠲᠡᠶ᠂ ᠬᠤᠨᠢᠨ ᠪᠣᠷᠤ ᠨᠢᠳᠤ ᠲᠡᠶ᠂ ᠭᠤᠠᠵᠠᠭᠠᠢ ᠴᠢᠷᠠᠢ ᠲᠡᠶ ᠡᠴᠢᠭᠡ ᠨᠢ ᠪᠠᠭ᠎ᠠ ᠳ᠋ᠤᠨᠢ ᠮᠢᠨᠤ ᠮᠠᠭᠤ ᠥᠭᠡᠳᠡᠰᠤ ᠭᠡᠵᠤ ᠥᠭᠦᠭᠡᠷᠳᠡᠨ ᠨᠡᠷᠯᠡᠭ᠍ᠰᠡᠨ ᠡᠴᠡ ᠠᠪᠣ ᠡᠵᠢ ᠨᠢ ᠥᠭᠡᠳᠡᠰᠤ ᠭᠡᠵᠤ ᠳᠠᠭᠤᠳᠠᠨ᠎ᠠ ᠃ ᠬᠠᠷᠢᠨ ᠰᠡᠭᠦᠯ ᠳᠡᠭᠡᠨ ᠶᠤᠠᠳᠤᠨ ᠣᠴᠠᠭᠠᠷᠠᠯᠵᠤ ᠪᠠᠢ᠌ᠭᠠᠤᠨ ᠪᠣᠯᠢᠭᠤᠯᠤᠭᠰᠠᠨ ᠃ ᠮᠢᠨᠤ ᠳᠡᠷᠭᠡᠳᠡ ᠥᠭᠡᠳᠡᠰᠤ ᠭᠡᠵᠤ ᠭᠡᠯᠡᠭᠦᠯᠭᠦ ᠳᠤᠩ ᠳᠤᠷ᠎ᠠ ᠦᠭᠡᠶ ᠰᠠᠨ ᠃ ᠭᠡᠪᠠᠴᠤ ᠳᠤᠳᠤᠷ᠎ᠠ ᠨᠢ ᠦᠦ᠂ ᠶᠤᠰᠤᠳᠠᠢ ᠯᠠ ᠰᠠᠢ᠌ᠨ ᠭᠦᠮᠤᠨ ᠪᠠᠢ᠌ᠭᠰᠠᠨ ᠶᠤᠮ ᠃ ᠭᠦᠮᠤᠨ ᠤ ᠰᠠᠢ᠌ᠨ ᠨᠢ ᠳᠤᠳᠤᠷ᠎ᠠ ᠪᠠᠨ ᠨᠢᠭᠤᠴᠠ ᠪᠠᠢ᠌ᠳᠠᠭ ᠪᠣᠯᠬᠤᠷ ᠣᠯᠵᠤ ᠬᠠᠷᠠᠬᠤ ᠳᠤ ᠳᠤᠩ ᠭᠡᠴᠡᠭᠦᠤ ᠂ ᠠᠮᠢᠳᠤᠷᠠᠯ ᠤᠨ ᠡᠭᠢ ᠶᠢ ᠳᠠᠨᠢᠬᠤ ᠦᠭᠡᠶ ᠵᠠᠯᠠᠭᠤ ᠴᠠᠭ ᠲᠤ ᠪᠣᠯ ᠪᠦᠷ ᠴᠤ ᠭᠡᠴᠡᠭᠦᠤ ᠃

ᠭᠡᠦᠭᠡᠨ ᠲᠡᠶ ᠠᠢ᠌ᠯ ᠳᠤ ᠭᠦᠮᠤᠨ ᠴᠤᠭᠯᠠᠳᠠᠭ ᠂ ᠭᠦᠤ ᠲᠡᠶ ᠠᠢ᠌ᠯ ᠳᠤ ᠪᠣᠶᠠᠨ ᠴᠤᠭᠯᠠᠷᠠᠳᠠᠭ ᠭᠡᠭ᠍ᠴᠢ ᠪᠠᠷ ᠨᠤᠳᠤᠭ ᠤᠨ ᠬᠠᠷᠠᠴᠤᠤᠯ ᠮᠠᠨᠢ ᠮᠠᠨ ᠤ ᠳᠤ ᠴᠤᠭᠯᠠᠷᠠᠨ᠎ᠠ ᠃ ᠪᠢ ᠳᠠᠳᠠᠨ ᠲᠡᠶ ᠴᠠᠴᠠᠨ ᠪᠣᠯᠢᠶᠠᠯᠳᠤᠨ ᠂ ᠥᠭᠡ ᠬᠠᠶᠠᠯᠴᠠᠵᠤ ᠪᠠᠢ᠌ᠬᠤ ᠳᠤ ᠶᠤᠠᠳᠤᠨ ᠬᠠᠷᠠᠭᠠᠤᠨ ᠪᠣᠭᠢᠮᠳᠠᠵᠤ ᠠᠭᠤᠷ ᠲᠡᠶ ᠪᠣᠯᠳᠠᠭ ᠪᠠᠢ᠌ᠯ᠎ᠠ ᠃ ᠭᠡᠪᠠᠴᠤ ᠪᠢ ᠳᠡᠭᠦᠨ ᠳᠤ ᠨᠢ ᠣᠭᠳᠤ ᠶᠠᠭᠤᠮ᠎ᠠ ᠪᠣᠳᠤᠳᠠᠭ ᠦᠭᠡᠶ᠂ ᠬᠠᠷᠢᠨ ᠴᠤ ᠢᠨᠢᠶᠠᠳᠤ ᠭᠦᠷᠳᠡᠭ᠌ ᠪᠠᠢ᠌ᠯ᠎ᠠ ᠭᠡᠤᠨ ᠡᠮᠡᠭᠡ ᠶᠢᠨ ᠬᠤᠭᠤᠯᠠᠢ ᠵᠠᠩᠭᠢᠷᠠᠭᠠᠤᠨ ᠳᠠᠭᠤ ᠨᠢ ᠳᠠᠰᠤᠷᠠᠯ᠎ᠠ ᠃ ᠡᠮᠡᠭᠡ ᠭᠡᠰᠡᠭ᠌ ᠰᠠᠭᠤᠭᠰᠠᠨ ᠶᠢᠡᠨ ᠄

᠊᠊᠊᠊᠊᠊᠊᠊᠊᠊᠊᠊᠊᠊᠊ ᠨᠢᠭᠡ ᠡᠳᠦᠷ ᠶᠤᠢᠠᠳᠤᠨ ᠲᠡᠶ ᠬᠠᠮᠳᠤ ᠬᠤᠳᠠ ᠠᠷᠢᠯᠭᠠᠵᠤ ᠪᠠᠢ᠌ᠭᠠᠤᠨ 《 ᠬᠤᠶᠠᠭᠤᠯᠠ ᠬᠠᠮᠳᠤᠷᠠᠨ ᠠᠮᠢᠳᠤᠷᠠᠶ᠎ᠠ ᠬᠠᠠᠳᠠ ᠮᠢᠨᠢ ︕ ᠪᠢ ᠴᠢᠮ᠎ᠠ ᠳᠤ ᠭᠢᠵᠠᠭᠠᠷ ᠦᠭᠡᠶ ᠳᠡᠰᠴᠠᠢ 》 ᠭᠡᠵᠤ ᠫᠠᠯᠭᠢᠳᠠᠯ᠎ᠠ ᠰᠢᠭᠤᠳ ᠭᠡᠯᠡᠳᠡᠭ᠌ ᠪᠠᠢ᠌ᠨ᠎ᠠ ᠰᠢᠤ᠃ ᠭᠡᠤᠨ ᠡᠮᠡᠭᠡ ᠢᠨᠢᠶᠡᠮᠰᠦᠭᠯᠡᠭᠦ ᠰᠢᠭ᠌ ᠪᠣᠯᠤᠭᠰᠠᠨ ᠶᠢᠡᠨ ᠄

᠊᠊᠊᠊᠊᠊᠊᠊᠊᠊᠊᠊᠊᠊᠊ ᠶᠠᠷᠤ ᠨᠢ ᠶᠤᠠᠳᠤᠨ ᠪᠦᠷᠦᠭ᠌ ᠰᠠᠳᠠ ᠪᠣᠯᠪᠠᠴᠤ ᠡᠪ ᠬᠠᠪ ᠦᠭᠡᠶ ᠴᠦᠯ ᠫᠠᠯ ᠭᠡᠳᠡᠯ᠎ᠡ ᠨᠢ ᠴᠦᠮ ᠢ ᠨᠢ ᠭᠡᠯᠡᠳᠡᠭ᠌ ᠭᠦᠮᠤᠨ ᠪᠠᠢ᠌ᠭᠰᠠᠨ ᠶᠤᠮ ᠃ ᠨᠢᠭᠡᠨ ᠡᠳᠦᠷ ᠮᠠᠨ ᠤ ᠦᠨᠢᠶ᠎ᠡ ᠳᠤᠭᠤᠯ ᠨᠡᠢ᠌ᠯᠡᠭᠡᠤᠨ ᠂ ᠡᠵᠢ ᠨᠠᠮᠠᠶ᠋ᠢ ᠵᠠᠩᠨᠠᠵᠤ ᠪᠠᠢ᠌ᠳᠠᠯ᠎ᠠ᠄  《 ᠳᠤᠯᠮ᠎ᠠ ᠭᠤᠸᠠᠢ ᠮᠢᠨᠢ ᠳᠤᠭᠤᠯ ᠡᠭᠡ ᠲᠡᠶ ᠪᠠᠨ ᠯᠠ ᠨᠠᠢ᠌ᠯᠠᠯ᠎ᠠ ᠪᠢᠵᠠ ︖ ᠴᠠᠢ ᠶᠢᠨ ᠰᠥ᠋ ᠦᠭᠡᠶ ᠪᠣᠯ ᠮᠠᠨ ᠨᠢ ᠭᠢ ᠡᠴᠡ ᠠᠪᠣᠭᠠᠷᠠᠢ ᠂ ᠬᠠᠠᠳᠠ ᠶᠢ ᠵᠠᠩᠨᠠᠭᠠᠤᠨ ᠴᠤ ᠳᠠᠷᠠ ᠭᠦᠭᠦᠭ᠍ᠰᠡᠨ ᠰᠥ᠋ ᠶᠢ ᠳᠠ ᠣᠯᠵᠤ ᠠᠪᠬᠤ ᠦᠭᠡᠶ》 ᠭᠡᠵᠤ ᠪᠢᠯᠠ ᠃ ᠭᠡᠤᠨ ᠬᠠᠠᠳᠠ ᠭᠤᠸᠠᠢ ᠥᠭᠡ ᠪᠠᠨ ᠳᠠᠰᠤᠯᠠᠨ᠎ᠠ ᠃ ᠬᠠᠠᠳᠠ ᠭᠤᠸᠠᠢ ᠶᠢᠨ ᠨᠢᠳᠤ ᠰᠡᠷᠭᠦᠵᠤ ᠳᠤᠳᠤ ᠢᠨᠢᠶᠡᠮᠰᠦᠭᠯᠡᠯ ᠨᠢᠭᠤᠷ ᠳᠤᠨᠢ ᠳᠤᠳᠤᠷᠪᠠ ᠃ ᠴᠤᠬᠤᠮ ᠡᠨᠡ ᠯᠠ ᠦᠶ᠎ᠡ ᠵᠠᠯᠠᠭᠤ ᠳᠠᠭᠠᠨ ᠰᠠᠢ᠌ᠬᠠᠨ ᠭᠡᠦᠭᠡᠨ ᠪᠠᠢ᠌ᠭᠰᠠᠨ ᠪᠣᠯᠪᠠᠤ ᠭᠡᠳᠡᠭ᠌ ᠵᠤᠷᠪᠣᠰ ᠪᠣᠳᠤᠯ ᠮᠢᠨᠤ ᠰᠠᠤᠠᠭᠢᠯ ᠳᠤ ᠣᠷᠤᠵᠤ ᠢᠷᠠᠯ᠎ᠠ ᠃

᠊᠊᠊᠊᠊᠊᠊᠊᠊᠊᠊᠊᠊᠊᠊ ᠪᠢ ᠶᠤᠠᠳᠤᠨ ᠤ ᠥᠭᠡ ᠶᠢ ᠶᠠᠭᠤᠮ᠎ᠠ ᠶᠢᠨ ᠴᠢᠨᠡᠭᠡ ᠪᠣᠳᠤᠭᠰᠠᠨ ᠦᠭᠡᠶ ᠳᠤᠭᠯᠠᠭᠠᠮ ᠪᠣᠯᠭᠠᠭᠠᠤᠨ ᠯᠠ ᠥᠩᠭᠡᠷᠡᠭᠦᠯᠪᠡ ᠭᠡᠵᠤ ᠭᠡᠯᠡᠭᠡᠤᠨ ᠬᠠᠠᠳᠠ ᠭᠤᠸᠠᠢ ᠶᠢᠨ ᠨᠢᠭᠤᠷ ᠲᠤ ᠳᠤᠳᠤᠷᠠᠭᠰᠠᠨ ᠪᠠᠶᠠᠰᠬᠤᠯᠠᠩ ᠬᠤᠰᠤᠭᠳᠠᠨ ᠠᠯᠠᠭ᠎ᠠ ᠪᠣᠯᠪᠠ ᠃ ᠨᠢᠭᠡ ᠭᠡᠰᠡᠭ᠌ ᠴᠢᠮᠡᠭᠡ ᠦᠭᠡᠶ ᠪᠣᠯᠪᠠ ᠃ ᠣᠳᠤ ᠢᠩᠭᠢᠭᠡᠤᠨ ᠯᠠ ᠶᠠᠷᠢᠶᠠᠨ ᠤ ᠥᠷᠭᠦᠯᠵᠢᠯᠡᠯ ᠢ ᠬᠤᠰᠤᠮᠠᠷ ᠪᠠᠢ᠌ᠪᠠᠴᠤ ᠠᠷᠠᠢ ᠵᠤᠭᠰᠤᠬᠤ ᠦᠭᠡᠶ ᠪᠠᠢ᠌ᠬᠤ ᠭᠡᠵᠤ ᠭᠤᠷᠢᠳᠠᠭᠠᠤᠨ ᠳᠠᠰᠦᠯ᠎ᠠ ᠪᠢ ᠃ ᠥᠨᠡᠭᠡᠷ ᠬᠠᠠᠳᠠ ᠭᠤᠸᠠᠢ ᠪᠦᠳᠡᠭᠢ ᠳᠠᠭᠤᠨ ᠶᠢᠡᠷ᠄

᠊᠊᠊᠊᠊᠊᠊᠊᠊᠊᠊᠊᠊᠊᠊ ᠳᠠᠷᠠ ᠦᠶ᠎ᠡ ᠳᠤ ᠪᠢ ᠨᠤᠳᠤᠭ ᠤᠨ ᠭᠤᠠᠴᠤᠭ ᠭᠡᠳᠡᠭ᠌ ᠵᠠᠯᠠᠭᠤ ᠲᠡᠶ ᠰᠠᠤᠠᠭᠢᠯ ᠲᠡᠶ ᠪᠣᠯᠤᠭᠠᠤᠨ ᠨᠢᠭᠤᠴᠠ ᠪᠠᠷ ᠠᠭᠤᠯᠵᠠᠳᠠᠭ ᠪᠠᠢ᠌ᠯ᠎ᠠ ᠃ ᠨᠠᠮᠤᠷ ᠤᠨ ᠦᠳᠡᠰᠢ ᠶᠤᠮᠰᠠᠨ ᠂ ᠬᠤᠨᠢ ᠬᠤᠳᠠᠯᠠᠵᠤ ᠪᠠᠢ᠌ᠭᠠᠤᠨ ᠶᠤᠠᠳᠤᠨ ᠣᠷᠢᠳᠠᠭᠢ ᠥᠭᠡ ᠪᠠᠨ ᠳᠠᠪᠳᠠᠵᠤ ᠭᠡᠯᠡᠭᠦ ᠳ᠋ᠤᠨᠢ ᠪᠢ ᠳᠡᠭᠦᠨ ᠤ ᠶᠠᠷᠢᠶ᠎ᠠ ᠶᠢ ᠵᠠᠢ᠌ᠮᠤᠷᠠᠭᠤᠯᠬᠤ ᠭᠡᠵᠤ ᠄ ᠴᠢ ᠭᠠᠭᠴᠠᠭᠠᠷ ᠶᠢᠡᠨ ᠭᠤᠴᠢᠨ ᠳᠡᠮᠡᠭᠡ ᠪᠠᠷ ᠭᠦᠷᠢᠶ᠎ᠡ ᠵᠢᠩ ᠳᠡᠭᠡᠭᠡᠵᠤ ᠴᠢᠳᠠᠬᠤ ᠦᠦ︖ ᠭᠡᠵᠤ ᠠᠰᠠᠭᠤᠪᠠ ᠃

᠊᠊᠊᠊᠊᠊᠊᠊᠊᠊᠊᠊᠊᠊᠊ ᠳᠡᠭᠡᠪᠠᠯ ᠴᠢ ᠪᠠᠶᠠᠷᠯᠠᠬᠤ ᠦᠦ︖

᠊᠊᠊᠊᠊᠊᠊᠊᠊᠊᠊᠊᠊᠊᠊ ᠡᠷ᠎ᠡ ᠴᠢᠳᠠᠯ ᠲᠡᠶ ᠠᠵᠢᠯᠴᠢ ᠭᠦᠮᠤᠨ ᠢ ᠭᠡᠨ ᠴᠤ ᠬᠠᠷᠠᠭᠠᠤᠨ ᠪᠠᠶᠠᠷᠯᠠᠨ᠎ᠠ ᠃ ᠭᠡᠵᠤ ᠪᠢ ᠭᠡᠯᠡᠪᠡ ᠃ ᠳᠡᠭᠦᠨ ᠡᠴᠡ ᠬᠣᠢ᠌ᠰᠢ ᠣᠳᠠᠯ ᠦᠭᠡᠶ ᠶᠤᠠᠳᠤᠨ ᠠᠢ᠌ᠯ ᠤᠨ ᠭᠤᠴᠢᠨ ᠳᠡᠮᠡᠭᠡ ᠶᠢ ᠭᠦᠯᠦᠰᠦᠯᠡᠵᠤ ᠠᠪᠣᠭᠠᠤᠨ ᠭᠠᠭᠴᠠᠭᠠᠷ ᠶᠢᠡᠨ ᠭᠦᠷᠢᠶ᠎ᠡ ᠵᠢᠩ ᠳᠤ ᠶᠠᠪᠣᠴᠢᠬᠠᠯ᠎ᠠ ᠃ ᠪᠢ ᠶᠠᠭᠤ ᠭᠡᠯᠡᠭ᠍ᠰᠡᠨ ᠶᠢᠡᠨ ᠣᠷᠤ ᠳᠠᠰᠤ ᠮᠠᠷᠳᠠᠴᠢᠭᠠᠤᠨ ᠄ ᠡᠨᠡ ᠭᠦᠢᠳᠡᠨ ᠳᠤ ᠭᠤᠴᠢᠨ ᠳᠡᠮᠡᠭᠡ ᠪᠠᠷ ᠭᠠᠭᠴᠠᠭᠠᠷ ᠶᠢᠡᠨ ᠪᠠᠰᠠ ᠣᠩᠭᠢᠷᠠᠭᠤᠨ ᠠᠮᠢᠳᠠᠨ ᠳ᠋ᠠ ︖ ᠨᠢᠳᠤ ᠣᠯᠠᠭᠠᠨ ᠮᠥᠩᠭᠦ ᠴᠠᠭᠠᠨ ᠯᠠ ᠭᠡᠳᠡᠭ᠌ ᠪᠣᠯᠵᠤ ᠪᠠᠢ᠌ᠨ᠎ᠠ ᠳ᠋ᠠ ︕ ᠠᠮᠢ ᠪᠠᠨ ᠠᠯᠳᠠᠬᠤ ᠭᠡᠵᠤ ᠪᠠᠢ᠌ᠭ᠎ᠠ ᠶᠤᠮ ᠭᠡᠵᠤ ᠂ ᠭᠤᠠᠴᠤᠭ ᠤᠨ ᠱᠤᠤᠯᠠᠨ ᠢᠨᠢᠶᠡᠭᠦ ᠳ᠋ᠤᠨᠢ ᠬᠠᠮᠳᠤ ᠳᠠᠭᠠᠭᠠᠤᠨ ᠢᠨᠢᠶᠠᠵᠤ ᠪᠠᠢ᠌ᠭᠰᠠᠨ ᠪᠢᠯᠠ ᠭᠡᠤᠨ ᠡᠮᠡᠭᠡᠨ ᠬᠤᠭᠤᠯᠠᠢ ᠡᠴᠡ ᠪᠠᠨ ᠬᠠᠴᠢᠨ ᠠᠪᠢᠶ᠎ᠠ ᠭᠠᠷᠭᠠᠨ ᠵᠠᠩᠭᠢᠷᠠᠭᠠᠤᠨ ᠳᠠᠭᠵᠢᠷᠠᠪᠠ ᠃

ᠡᠮᠡᠭᠡᠨ ᠳᠤᠯᠭ᠎ᠠ ᠶᠢᠨ ᠵᠠᠬ᠎ᠠ ᠶᠢᠨ ᠦᠨᠡᠰᠤ ᠶᠢ ᠮᠣᠢ᠌ᠭ ᠬᠤᠷᠤᠭᠤ ᠪᠠᠷ ᠶᠢᠡᠨ ᠣᠷᠤᠯᠳᠤᠵᠤ ᠂ ᠭᠠᠵᠠᠷ ᠰᠢᠷᠳᠠᠨ ᠳᠤᠷᠤᠢ ᠳᠠᠭᠤᠨ ᠶᠢᠡᠷ᠄

᠊᠊᠊᠊᠊᠊᠊᠊᠊᠊᠊᠊᠊᠊᠊ ᠨᠠᠮᠠᠶ᠋ᠢ ᠠᠷᠪᠠᠭᠠᠤᠨ ᠠᠢ᠌ᠯ ᠭᠦᠤ ᠳᠡᠭᠡᠨ ᠭᠤᠶᠤᠬᠤ ᠳᠤ ᠠᠪᠣ ᠡᠵᠢ ᠦᠭ‍ᠭᠦᠭᠡ ᠦᠭᠡᠶ᠂ ᠭᠡᠳᠡᠯ᠎ᠡ ᠬᠤᠰᠢᠭᠤ ᠨᠤᠶᠠᠨ ᠤ ᠭᠦᠤ ᠳᠤ ᠭᠤᠶᠤᠬᠤ ᠳᠤ ᠣᠬᠠᠭᠠᠨ ᠵᠢᠯᠤᠭᠤ ᠦᠭᠡᠶ ᠪᠠᠶᠠᠷᠯᠠᠨ ᠵᠦᠪᠰᠢᠶᠠᠷᠠᠪᠠ ᠃ ᠪᠢ ᠣᠴᠢᠬᠤ ᠦᠭᠡᠶ ᠭᠡᠵᠤ ᠣᠭᠢᠯᠠᠵᠤ ᠬᠠᠢ᠌ᠯᠠᠭᠠᠤᠨ ᠂ ᠭᠤᠶᠤᠭᠠᠤᠨ ᠴᠤ ᠪᠣᠯᠤᠭᠰᠠᠨ ᠦᠭᠡᠶ᠃ ᠡᠨᠡ ᠪᠦᠭᠦᠨ ᠶᠢᠡᠨ ᠭᠤᠠᠴᠤᠭ ᠲᠤ ᠭᠡᠯᠡᠨ ᠳᠠᠷᠤᠢ ᠣᠷᠭᠤᠵᠤ ᠵᠠᠢ᠌ᠯᠠᠶ᠎ᠠ ᠭᠡᠭᠦ ᠳᠤ᠄

᠊᠊᠊᠊᠊᠊᠊᠊᠊᠊᠊᠊᠊᠊᠊ ᠪᠢᠳᠠ ᠬᠤᠶᠠᠷ ᠣᠷᠭᠤᠭᠠᠤᠨ ᠬᠠᠮᠢᠭ᠎ᠠ ᠵᠠᠢ᠌ᠯᠠᠬᠤ ᠪᠣᠢ ᠳ᠋ᠡ ︖

᠊᠊᠊᠊᠊᠊᠊᠊᠊᠊᠊᠊᠊᠊᠊ ᠣᠷᠭᠤᠬᠤ ᠦᠭᠡᠶ ᠪᠣᠯ ᠥᠩᠭᠡᠷᠡᠯ᠎ᠡ ︕ ᠴᠢ ᠣᠢ᠌ᠯᠠᠭᠠᠵᠤ ᠪᠠᠢ᠌ᠨ᠎ᠠ ᠦᠦ︖

᠊᠊᠊᠊᠊᠊᠊᠊᠊᠊᠊᠊᠊᠊᠊ ᠣᠷᠤᠨ ᠭᠡᠷ ᠭᠦᠷᠦᠩᠭᠡ ᠪᠠᠨ ᠬᠠᠶᠠᠭᠠᠤᠨ ᠭᠦᠮᠤᠨ ᠤ ᠨᠤᠳᠤᠭ ᠲᠤ᠂ ᠭᠦᠭ᠌ ᠤᠨ ᠭᠠᠵᠠᠷ ᠶᠠᠭᠠᠭᠢᠵᠤ ᠠᠮᠢᠳᠤᠷᠠᠬᠤ ᠶᠤᠮ ᠪᠣᠢ ︖

᠊᠊᠊᠊᠊᠊᠊᠊᠊᠊᠊᠊᠊᠊᠊ ᠬᠠᠢ᠌ᠷ᠎ᠠ ᠰᠠᠤᠠᠭᠢᠯ ᠵᠠᠪᠠᠭᠬᠤ ᠨᠠᠰᠤ ᠪᠠᠢ᠌ᠨ᠎ᠠ ᠂ ᠡᠡᠳᠡ ᠡᠴᠡ ᠵᠠᠢ᠌ᠯᠠᠶ᠎ᠠ ᠭᠡᠭᠦ ᠳᠤ ᠭᠤᠠᠴᠤᠭ ᠡᠭᠢᠯᠡᠭᠡᠤᠨ ᠣᠷᠭᠤᠬᠤ ᠶᠢ ᠵᠥᠪᠰᠢᠶᠡᠷᠡᠭᠦ ᠦᠭᠡᠶ ᠯᠠ ᠪᠠᠢ᠌ᠯ᠎ᠠ ᠃ ᠭᠡᠪᠠᠴᠤ ᠪᠢ ᠣᠭᠢᠯᠠᠵᠤ ᠂ ᠠᠭᠤᠷᠯᠠᠨ ᠪᠣᠭᠤᠵᠤ ᠦᠭ‍ᠭᠦᠨ᠎ᠡ ᠭᠡᠵᠤ ᠪᠠᠢ᠌ᠮᠠᠠᠵᠢᠨ ᠣᠷᠭᠤᠬᠤ ᠪᠣᠯᠤᠭᠠᠤᠨ ᠂ ᠡᠳᠦᠷ ᠴᠠᠭ ᠪᠣᠯᠵᠤᠭᠠᠤᠨ ᠶᠠᠭ ᠶᠠᠪᠣᠬᠤ ᠳᠡᠭᠡᠷ᠎ᠡ ᠪᠠᠨ ᠳᠤᠷ᠎ᠠ ᠦᠭᠡᠶ ᠪᠣᠯ ᠭᠦᠴᠤ ᠦᠭᠡᠶ ᠭᠡᠭ᠍ᠴᠢ ᠪᠠᠷ ᠪᠠᠷᠢᠭᠳᠠᠵᠤ ᠂ ᠭᠤᠠᠴᠤᠭ ᠢ ᠭᠦᠮᠤᠨ ᠤ ᠦᠬᠢᠨ ᠢ ᠡᠴᠢᠭᠡ ᠡᠭᠡ ᠡᠴᠡ ᠨᠢ ᠵᠦᠪᠰᠢᠶᠠᠷᠠᠯ ᠦᠭᠡᠶ ᠣᠷᠭᠤᠭᠤᠯᠬᠤ ᠭᠡᠰᠡᠨ ᠭᠡᠷᠡᠭ᠌ ᠲᠤ ᠣᠷᠤᠭᠤᠯᠵᠤ ᠬᠤᠰᠢᠭᠤᠨ ᠤ ᠬᠠᠷ᠎ᠠ ᠭᠡᠷ ᠲᠤ ᠬᠤᠷᠢᠪᠠ ᠃ ᠪᠢ ᠴᠤ ᠭᠢᠨᠠᠯᠳᠠ ᠳᠤ ᠣᠷᠤᠵᠤ ᠭᠡᠷ ᠡᠴᠡ ᠳᠠᠭᠠᠯᠳᠠ ᠦᠭᠡᠶ ᠭᠠᠳᠠᠭᠰᠢ ᠭᠠᠷᠬᠤ ᠪᠠᠨ ᠪᠣᠯᠢᠯ᠎ᠠ ᠃ ᠮᠤᠷᠳᠠᠭᠤᠯᠬᠤ ᠬᠤᠨᠤᠭ ᠣᠢ᠌ᠷᠳᠤᠭᠰᠠᠭᠠᠷ ᠪᠠᠢ᠌ᠯ᠎ᠠ ᠃ ᠨᠢᠭᠡᠨ ᠡᠳᠦᠷ ᠶᠤᠠᠳᠤᠨ ᠵᠢᠩ ᠲᠡᠶ ᠪᠠᠨ ᠢᠷᠡᠭᠡᠤᠨ ᠭᠡᠷ ᠲᠡᠭᠡᠨ ᠴᠤ ᠣᠷᠤᠭᠰᠠᠨ ᠦᠭᠡᠶ ᠬᠤᠳᠠᠨ ᠤ ᠬᠠᠵᠠᠭᠤ ᠳᠤ ᠵᠤᠭᠰᠤᠵᠤ ᠪᠠᠢ᠌ᠭᠰᠠᠨ ᠨᠠᠳᠠ ᠲᠡᠶ ᠠᠭᠤᠯᠵᠠᠨ ᠂ ᠰᠢᠭᠤᠳ ᠯᠠ ᠡᠪᠣᠷ ᠡᠴᠡ ᠪᠠᠨ ᠪᠣᠷᠤ ᠴᠠᠭᠠᠰᠤᠨ ᠳᠤ ᠪᠣᠭᠤᠭᠰᠠᠨ ᠮᠦᠰᠤᠨ ᠰᠢᠭᠢᠷ ᠭᠠᠷᠭᠠᠵᠤ ᠦᠭ‍ᠭᠦᠯ᠎ᠡ ᠃ ᠬᠠᠷᠠᠪᠠᠯ ᠬᠤᠶᠠᠷ ᠬᠠᠴᠠᠷ ᠬᠠᠮᠠᠷ ᠤᠨ ᠥᠵᠦᠭᠦᠷ ᠨᠢ ᠭᠦᠯᠳᠡᠵᠤ ᠪᠠᠷᠵᠠᠢ᠌ᠨ ᠰᠢᠷᠠᠯᠠᠭᠰᠠᠨ ᠪᠠᠢ᠌ᠯ᠎ᠠ ᠃

᠊᠊᠊᠊᠊᠊᠊᠊᠊᠊᠊᠊᠊᠊᠊ ᠵᠠ ᠂ ᠪᠢ ᠭᠤᠴᠢᠨ ᠳᠡᠮᠡᠭᠡ ᠪᠠᠷ ᠭᠠᠭᠴᠠᠭᠠᠷ ᠶᠢᠡᠨ ᠵᠢᠩ ᠳᠡᠭᠡᠭᠡᠪᠦᠷᠢᠯᠡᠭᠡᠤᠨ ᠢᠷᠠᠯ᠎ᠠ ᠂ ᠴᠢ ᠪᠠᠶᠠᠷᠯᠠᠵᠤ ᠪᠠᠢ᠌ᠨ᠎ᠠ ᠦᠦ︖ ᠭᠡᠵᠤ ᠨᠢᠳᠤᠨ ᠳ᠋ᠤᠨᠢ ᠭᠡᠷᠡᠯ ᠭᠢᠯᠠᠯᠵᠠᠨ ᠂ ᠪᠠᠭᠳᠠᠵᠤ ᠶᠠᠳᠠᠭᠰᠠᠨ ᠪᠠᠶᠠᠷ ᠳᠦᠭᠦᠷᠡᠩ ᠶᠢᠡᠷ ᠭᠡᠯᠡᠪᠡ᠃

᠊᠊᠊᠊᠊᠊᠊᠊᠊᠊᠊᠊᠊᠊᠊ ᠡᠳᠦᠭᠡ ᠶᠤᠠᠳᠤᠨ ᠮᠢᠨᠢ ︕ ᠪᠢ ᠭᠡᠳᠡᠭ᠌ ᠭᠦᠮᠤᠨ ᠲᠦᠮᠡᠨ ᠵᠤᠪᠠᠯᠠᠩ ᠳᠤ ᠣᠷᠤᠭᠠᠤᠨ ᠪᠠᠢ᠌ᠨ᠎ᠠ ᠭᠡᠤᠨ ᠯᠠ ᠪᠦᠭᠦ ᠶᠠᠪᠣᠳᠠᠯ ᠢ ᠶᠠᠷᠢᠯ᠎ᠠ ᠃ ᠶᠤᠠᠳᠤᠨ ᠤ ᠭᠡᠷᠡᠯᠳᠦᠵᠤ ᠪᠠᠢ᠌ᠭᠰᠠᠨ ᠴᠠᠷᠠᠢ ᠨᠢ ᠪᠠᠷᠣᠢ᠌ᠨ ᠂ ᠭᠢᠯᠠᠯᠵᠠᠵᠤ ᠪᠠᠢ᠌ᠭᠰᠠᠨ ᠨᠢᠳᠤ ᠨᠢ ᠮᠤᠬᠤᠭᠤ ᠪᠣᠯᠤᠭᠰᠠᠨ ᠶᠤᠮ ᠳ᠋ᠠᠭ ᠃

᠊᠊᠊᠊᠊᠊᠊᠊᠊᠊᠊᠊᠊᠊᠊ ᠬᠠᠠᠳᠠ ᠡ ᠂ ᠴᠢ ᠭᠤᠠᠴᠤᠭ ᠡᠴᠡ ᠥᠭᠡᠷ᠎ᠡ ᠭᠦᠮᠤᠨ ᠳᠤ ᠰᠠᠤᠠᠭᠢᠯ ᠦᠭᠡᠶ ᠦᠦ︖ ᠭᠡᠵᠤ ᠳᠤᠷᠤᠢ ᠨᠠᠮᠤᠬᠠᠨ ᠳᠠᠭᠤᠨ ᠶᠢᠡᠷ ᠠᠰᠠᠭᠤᠯ᠎ᠠ ᠃

᠊᠊᠊᠊᠊᠊᠊᠊᠊᠊᠊᠊᠊᠊᠊ ᠦᠭᠡᠶ︕ ᠭᠤᠠᠴᠤᠭ ᠡᠴᠡ ᠪᠣᠰᠤᠳ ᠭᠦᠮᠤᠨ ᠨᠠᠳᠠ ᠭᠡᠷᠡᠭ᠌ ᠦᠭᠡᠶ᠂ ᠪᠢ ᠶᠠᠭᠠᠭᠢᠭᠰᠠᠨ ᠵᠠᠶᠠᠭ᠎ᠠ ᠦᠭᠡᠶ ᠠᠮᠢᠳᠠᠨ ᠪᠣᠢ ᠭᠡᠤᠨ ᠣᠭᠢᠯᠠᠪᠠ ᠃ ᠶᠤᠠᠳᠤᠨ ᠠᠷᠠᠭ᠎ᠠ ᠨᠢ ᠪᠠᠷᠠᠭᠳᠠᠨ ᠭᠡᠰᠡᠭ᠌ ᠵᠤᠭᠰᠤᠭᠰᠠᠨ ᠶᠢᠡᠨ ᠄

᠊᠊᠊᠊᠊᠊᠊᠊᠊᠊᠊᠊᠊᠊᠊ ᠬᠠᠮᠢᠭ᠎ᠠ ᠳ᠋ᠠ ᠂ ᠣᠭᠢᠯᠠᠭᠠᠤᠨ ᠶᠠᠭᠠᠭᠢᠬᠤ ᠪᠣᠢ ︖ ᠪᠢ ᠁ ᠭᠡᠤᠨ ᠥᠭᠡ ᠪᠠᠨ ᠳᠠᠰᠤᠯᠠᠭᠠᠤᠨ ᠨᠠᠳᠠ ᠣᠷᠤᠭᠤ ᠣᠳᠠᠳᠠᠯ᠎ᠠ ᠰᠢᠷᠳᠠᠪᠠ ᠃ ᠬᠣᠢ᠌ᠨ᠎ᠠ ᠨᠢ ᠪᠣᠳᠤᠬᠤ ᠳᠤ ᠳᠡᠭᠦᠨ ᠤ ᠨᠢᠳᠤᠨ ᠳᠤ ᠮᠦᠨ ᠴᠤ ᠶᠡᠭᠡ ᠶᠠᠭᠤᠮ᠎ᠠ ᠪᠠᠢ᠌ᠵᠤ ᠳ᠋ᠠ ︕ ᠭᠡᠤᠨ ᠡᠮᠡᠭᠡᠨ ᠨᠠᠳᠠ ᠣᠷᠤᠭᠤ ᠠᠷᠭᠠᠴᠠᠭᠠᠯ ᠦᠭᠡᠶ ᠨᠢᠳᠤ ᠪᠠᠷ ᠬᠠᠷᠠᠭᠰᠠᠨ ᠶᠢᠡᠨ ᠵᠠᠯᠭᠠᠭᠠᠤᠨ ᠄

᠊᠊᠊᠊᠊᠊᠊᠊᠊᠊᠊᠊᠊᠊᠊ ᠡᠨᠡ ᠦᠶ᠎ᠡ ᠳᠤ ᠡᠭᠡ ᠨᠢ ᠪᠢᠳᠠᠨ ᠤ ᠳᠡᠷᠭᠡᠳᠡ ᠢᠷᠡᠭᠡᠤᠨ ᠄

᠊᠊᠊᠊᠊᠊᠊᠊᠊᠊᠊᠊᠊᠊᠊ ᠳᠠ ᠬᠤᠶᠠᠷ ᠰᠡᠭᠦᠯ ᠳᠤ ᠶᠠᠷᠢ ᠳ᠋ᠠ ︕ ᠮᠢᠨᠤ ᠭᠦᠤ ᠬᠠᠯᠠᠭᠤᠨ ᠴᠠᠢ ᠪᠠᠨ ᠣᠤᠭᠤ ᠂ ᠭᠦᠭ᠍ᠡᠷᠦᠭᠦᠢ ᠡᠨᠡ ᠬᠠᠴᠠᠷ ᠂ ᠬᠠᠮᠠᠷ ᠨᠢ ᠭᠡᠤᠨ ᠶᠤᠠᠳᠤᠨ ᠢ ᠠᠪᠣᠭᠠᠤᠨ ᠶᠠᠪᠣᠯ᠎ᠠ ᠃ ᠭᠡᠳᠤᠨ ᠬᠤᠨᠤᠭ ᠶᠤᠠᠳᠤᠨ ᠨᠠᠳᠠ ᠲᠡᠶ ᠠᠭᠤᠯᠵᠠᠭᠰᠠᠨ ᠦᠭᠡᠶ ᠵᠠᠢ᠌ᠯᠠᠭᠠᠤᠨ ᠯᠠ ᠪᠠᠢ᠌ᠯ᠎ᠠ ᠃ ᠵᠢᠩ ᠳᠤ ᠶᠠᠪᠣᠵᠤ ᠣᠯᠤᠭᠰᠠᠨ ᠮᠥᠩᠭᠦ ᠪᠠᠷ ᠶᠢᠡᠨ ᠬᠤᠶᠠᠷ ᠰᠠᠢ᠌ᠨ ᠮᠤᠷᠢ ᠬᠤᠳᠠᠯᠳᠤᠵᠤ ᠠᠪᠣᠯ᠎ᠠ ᠂ ᠨᠥᠭᠦᠭᠡᠳᠦᠷ ᠨᠠᠮᠠᠶ᠋ᠢ ᠮᠤᠷᠳᠠᠭᠤᠯᠤᠨ᠎ᠠ ᠭᠡᠵᠤ ᠶᠠᠭᠤᠮ᠎ᠠ ᠪᠠᠯᠡᠳᠭᠡᠵᠤ ᠪᠠᠢ᠌ᠪᠠ ᠃ ᠨᠢᠭᠡ ᠣᠷᠤᠢ ᠪᠢ ᠳᠤᠭᠤᠯ ᠶᠢᠡᠨ ᠣᠶᠠᠵᠤ ᠪᠠᠢ᠌ᠳᠠᠯ᠎ᠠ ᠶᠤᠠᠳᠤᠨ ᠳᠡᠷᠭᠡᠳᠡ ᠮᠢᠨᠢ ᠢᠷᠠᠵᠤ ᠄

᠊᠊᠊᠊᠊᠊᠊᠊᠊᠊᠊᠊᠊᠊᠊ ᠴᠢ ᠭᠤᠠᠴᠤᠭ ᠦᠭᠡᠶ ᠪᠣᠯ ᠥᠭᠦᠨ᠎ᠡ ᠭᠡᠳᠡᠭ᠌ ᠦᠨᠡᠨ ᠦᠦ︖ ᠭᠡᠵᠤ ᠰᠢᠪᠠᠨᠠᠯ᠎ᠠ ᠃

᠊᠊᠊᠊᠊᠊᠊᠊᠊᠊᠊᠊᠊᠊᠊ ᠥᠭᠡᠷ᠎ᠡ ᠪᠢ ᠶᠠᠭᠠᠭᠢᠬᠤ ᠪᠢᠯᠠ ︖ ᠭᠡᠤᠨ ᠪᠢ ᠣᠭᠢᠯᠠᠪᠠ ᠃

᠊᠊᠊᠊᠊᠊᠊᠊᠊᠊᠊᠊᠊᠊᠊ ᠨᠠᠳᠠ ᠲᠡᠶ ᠣᠷᠭᠤᠬᠤ ᠦᠭᠡᠶ ᠦᠦ︖ ᠪᠢ ᠴᠢᠮᠠᠳᠤ ᠮᠦᠨ ᠴᠤ ᠶᠡᠭᠡ ᠰᠠᠤᠠᠭᠢᠯ ᠲᠡᠶ ᠰᠢᠤ ᠃

᠊᠊᠊᠊᠊᠊᠊᠊᠊᠊᠊᠊᠊᠊᠊ ᠭᠤᠠᠴᠤᠭ ᠦᠭᠡᠶ ᠪᠣᠯ ᠬᠠᠮᠢᠭᠠᠰᠢ ᠪᠠᠨ ᠴᠤ ᠶᠠᠪᠣᠬᠤ ᠦᠭᠡᠶ᠃ ᠮᠤᠷᠳᠠᠭᠤᠯᠬᠤ ᠪᠣᠯᠪᠠᠯ ᠡᠨᠡ ᠬᠣᠢ᠌ᠳᠤ ᠬᠠᠳᠠᠨ ᠳᠡᠭᠡᠷ᠎ᠡ ᠡᠴᠡ ᠦᠰᠦᠷᠴᠤ ᠥᠭᠦᠨ᠎ᠡ ᠭᠡᠯ᠎ᠡ ᠃ ᠶᠤᠠᠳᠤᠨ ᠮᠢᠨᠤ ᠭᠠᠷ ᠢ ᠮᠢᠨᠢ ᠴᠢᠩᠭ᠋᠎ᠠ ᠭᠡᠭ᠍ᠴᠢ ᠪᠠᠷᠢᠵᠤ ᠦᠷᠦ ᠪᠦᠭᠡᠤᠨ ᠳᠠᠰᠤᠯᠳᠠᠭᠤᠯᠤᠭᠰᠠᠨ ᠰᠠᠨᠠᠭ᠎ᠠ ᠠᠯᠳᠠᠭᠠᠤᠨ ᠄

᠊᠊᠊᠊᠊᠊᠊᠊᠊᠊᠊᠊᠊᠊᠊ ᠮᠠᠷᠭᠠᠰᠢ ᠣᠷᠤᠢ ᠰᠠᠷᠠᠮᠵᠢ ᠲᠡᠶ ᠪᠠᠢ᠌ᠭᠠᠷᠠᠢ ︕ ᠭᠡᠤᠨ ᠰᠢᠭᠤᠳ ᠡᠷᠭᠢᠪᠡ ᠃ ᠶᠠᠭᠤ ᠪᠣᠯᠬᠤ ᠶᠢ ᠮᠡᠳᠡᠭ᠍ᠰᠡᠨ ᠦᠭᠡᠶ᠂ ᠮᠠᠷᠭᠠᠰᠢ ᠣᠷᠤᠢ ᠨᠢ ᠪᠣᠯᠪᠠ᠃ ᠶᠠᠭᠤ ᠴᠤ ᠪᠣᠯᠤᠭᠰᠠᠨ ᠦᠭᠡᠶ ᠣᠠᠳᠠᠬᠤ ᠪᠠᠷ ᠶᠢᠡᠨ ᠯᠠ ᠭᠡᠪᠳᠡᠪᠡ᠃ ᠭᠡᠪᠡᠴᠤ ᠨᠣᠢ᠌ᠷ ᠭᠦᠷᠭᠦ ᠦᠭᠡᠶ᠂ ᠴᠢᠮᠡᠭᠡ ᠴᠢᠩᠨᠠᠨ ᠰᠠᠤᠠᠭᠢᠯ ᠳᠤ ᠶᠠᠮᠠᠷ ᠨᠢᠭᠡᠨ ᠶᠠᠭᠤᠮ᠎ᠠ ᠶᠢᠨ ᠭᠤᠷᠢᠳᠠᠯᠭ᠎ᠠ ᠶᠢᠨ ᠵᠣᠢ᠌ᠯ ᠠᠰᠠᠨ ᠂ ᠴᠢᠮᠡᠭᠡ ᠦᠭᠡᠶ ᠭᠡᠪᠳᠡᠵᠤ ᠪᠠᠢ᠌ᠳᠠᠯ᠎ᠠ ᠂ ᠭᠡᠷ ᠤᠨ ᠠᠷᠤ ᠳᠤ ᠶᠠᠮᠠᠷ ᠨᠢᠭᠡᠨ ᠶᠠᠷᠤ ᠪᠣᠰᠤ ᠶᠢᠨ ᠴᠢᠮᠡᠭᠡ ᠭᠠᠷᠤᠯ᠎ᠠ᠃ ᠪᠢ ᠬᠤᠪᠴᠠᠰᠤᠯᠠᠵᠤ ᠭᠠᠷᠬᠤ ᠭᠡᠳᠡᠯ᠎ᠡ ᠭᠦᠮᠦᠰ ᠴᠤ ᠰᠠᠷᠢᠪᠠ ᠃ ᠪᠢ ᠴᠤ ᠦᠰᠦᠷᠤᠨ ᠭᠠᠷᠤᠯ᠎ᠠ ᠂ ᠭᠦᠮᠦᠰ ᠴᠤ ᠪᠣᠰᠤᠯ᠎ᠠ ᠃

ᠭᠡᠷ ᠤᠨ ᠬᠣᠢ᠌ᠨ᠎ᠠ ᠣᠴᠢᠪᠠᠯ ᠬᠤᠶᠠᠷ ᠮᠤᠷᠢ ᠲᠡᠶ ᠭᠦᠮᠤᠨ ᠵᠤᠭᠰᠤᠵᠤ ᠪᠠᠢ᠌ᠯ᠎ᠠ ᠃

᠊᠊᠊᠊᠊᠊᠊᠊᠊᠊᠊᠊᠊᠊᠊ ᠵᠠ ᠂ ᠪᠣᠰᠢᠭᠤᠯᠠ︕ ᠮᠤᠷᠳᠠ︕ ᠪᠠᠷᠢᠭᠳᠠᠪᠠᠯ ᠪᠠᠷᠠᠯ᠎ᠠ ᠰᠢᠤ᠃ ᠬᠣᠢ᠌ᠨ᠎ᠠ ᠡᠴᠡ ᠫᠣᠤ ᠲᠡᠶ ᠬᠤᠶᠠᠭ ᠤᠳ ᠨᠡᠭᠡᠵᠤ ᠪᠠᠢ᠌ᠨ᠎ᠠ ᠭᠡᠰᠡᠨ ᠭᠤᠠᠴᠤᠭ ᠤᠨ ᠳᠠᠭᠤ ᠶᠢ ᠪᠢ ᠳᠠᠨᠢᠭᠠᠤᠨ ᠰᠢᠭᠤᠳ ᠯᠠ ᠮᠤᠷᠳᠠᠯ᠎ᠠ᠃ ᠭᠡᠷ ᠡᠴᠡ ᠭᠦᠮᠤᠨ ᠱᠤᠤᠭᠢᠯᠳᠤᠨ ᠭᠠᠷᠬᠤ ᠳᠤ ᠪᠢᠳᠠ ᠮᠤᠷᠢᠨ ᠤ ᠬᠠᠷ᠎ᠠ ᠬᠤᠷᠳᠤ ᠪᠠᠷ ᠳᠠᠪᠭᠢᠭᠤᠯᠪᠠ᠃ ᠳᠠᠷᠠ ᠬᠤᠶᠠᠷ ᠮᠤᠷᠢᠨ ᠤ ᠬᠤᠷᠳᠤᠨ ᠭᠡᠭ᠍ᠴᠢ ᠨᠢ ᠂ ᠭᠤᠠᠴᠤᠭ ᠳᠡᠷᠢᠭᠦᠯᠡᠨ ᠪᠢ ᠳᠠᠭᠠᠭᠠᠤᠨ ᠶᠠᠭᠤᠮ᠎ᠠ ᠶᠠᠷᠢᠬᠤ ᠵᠠᠪ ᠦᠭᠡᠶ ᠳᠤᠪᠳᠤᠯᠤᠭᠤᠯᠪᠠ ᠃ ᠬᠣᠢ᠌ᠨ᠎ᠠ ᠡᠴᠡ ᠴᠢᠮᠡᠭᠡ ᠠᠯᠠᠭ᠎ᠠ ᠂ ᠦᠷ ᠴᠠᠢ᠌ᠬᠤ ᠳᠤ ᠮᠡᠳᠡᠭᠦ ᠦᠭᠡᠶ ᠭᠠᠵᠠᠷ ᠢᠷᠡᠭ᠍ᠰᠡᠨ ᠪᠠᠢ᠌ᠯ᠎ᠠ ᠃ ᠠᠷᠪᠠ ᠭᠠᠷᠤᠢ ᠬᠤᠨᠤᠭ ᠶᠠᠪᠣᠵᠤ ᠬᠤᠰᠢᠭᠤ ᠠᠯᠤᠰᠳᠠᠭᠠᠤᠨ ᠬᠠᠷᠢ ᠨᠤᠳᠤᠭ ᠲᠤ ᠭᠦᠷᠴᠤ ᠂ ᠠᠢ᠌ᠯ ᠤᠨ ᠮᠠᠯ ᠬᠠᠷᠢᠭᠤᠯᠤᠨ ᠠᠮᠢᠳᠤᠷᠠᠪᠠ ᠃ ᠭᠡᠤᠨ ᠡᠮᠡᠭᠡᠨ ᠳᠠᠭᠤ ᠪᠠᠨ ᠬᠤᠷᠢᠶᠠᠵᠤ ᠭᠡᠰᠡᠭ᠌ ᠪᠣᠯᠤᠭᠰᠠᠨ ᠶᠢᠡᠨ ᠣᠭᠢᠯᠠᠵᠤ ᠂ ᠳᠠᠰᠤᠯᠳᠠᠭᠰᠠᠨ ᠳᠠᠭᠤᠨ ᠶᠢᠡᠷ᠄

᠊᠊᠊᠊᠊᠊᠊᠊᠊᠊᠊᠊᠊᠊᠊ ᠭᠤᠠᠴᠤᠭ ᠢ ᠬᠠᠷ᠎ᠠ ᠭᠡᠷ ᠡᠴᠡ ᠣᠷᠭᠤᠭᠤᠯᠬᠤ ᠳᠤ ᠬᠤᠶᠠᠭ ᠤᠳ ᠤᠨ ᠫᠣᠤᠳᠠᠭᠰᠠᠨ ᠰᠤᠮᠤᠨ ᠳᠤ ᠣᠨᠤᠭᠳᠠᠵᠤ ᠠᠮᠢ ᠳᠠᠯᠪᠢᠨ ᠪᠠᠢ᠌ᠬᠤ ᠳᠠᠭᠠᠨ᠄

᠊᠊᠊᠊᠊᠊᠊᠊᠊᠊᠊᠊᠊᠊᠊ ᠬᠠᠠᠳᠠ ᠳᠤ ᠪᠢ ᠣᠯᠳᠠᠬᠤ ᠦᠭᠡᠶ ᠰᠠᠤᠠᠭᠢᠯ ᠲᠡᠶ ᠶᠤᠮᠰᠠᠨ᠁ ᠮᠢᠨᠤ ᠬᠤᠶᠠᠷ ᠮᠤᠷᠢ ᠳᠠ ᠬᠤᠶᠠᠷ ᠢ ᠵᠢᠷᠭᠠᠯ ᠳᠤ ᠭᠦᠷᠭᠡᠭ᠌᠁ ᠪᠣᠰᠢᠭᠤᠬᠠᠨ ᠶᠠᠪᠣ ︕ ᠭᠡᠵᠤ ᠶᠤᠠᠳᠤᠨ ᠭᠡᠯᠡᠭᠡᠤᠨ ᠠᠮᠢᠰᠬᠤᠯ ᠶᠢᠡᠨ ᠬᠤᠷᠢᠶᠠᠭᠰᠠᠨ ᠭᠡᠳᠡᠭ᠌ ᠃ ᠭᠡᠤᠨ ᠬᠠᠠᠳᠠ ᠭᠤᠸᠠᠢ ᠳᠤᠭᠤᠢ ᠪᠣᠯᠤᠭᠰᠠᠨ ᠶᠢᠡᠨ ᠪᠦᠭᠦ ᠪᠠᠶ᠎ᠠ ᠨᠢ ᠰᠠᠯᠭᠠᠨᠠᠨ ᠰᠢᠨᠠ ᠶᠢᠨ ᠠᠷᠠᠰᠤ ᠨᠢ ᠳᠠᠳᠠᠪᠠᠯᠵᠠᠨ᠎ᠠ ᠃ ᠨᠠᠯᠢᠶᠠᠤᠨ ᠣᠳᠠᠭᠰᠠᠨ ᠤ ᠳᠠᠷᠠᠭ᠎ᠠ ᠨᠠᠮ ᠪᠦᠭᠡᠤᠨ ᠰᠠᠤᠠᠭᠢᠯ ᠤᠨ ᠭᠦᠨ ᠡᠴᠡ ᠳᠤᠰᠤᠯᠢᠭ ᠳᠠᠭᠤᠨ ᠶᠢᠡᠷ᠄

᠊᠊᠊᠊᠊᠊᠊᠊᠊᠊᠊᠊᠊᠊᠊ ᠭᠦᠤ ᠮᠢᠨᠢ ᠂ ᠪᠢ ᠰᠠᠢ᠌ᠨ ᠰᠠᠤᠠᠭᠢᠯ ᠤᠨ ᠶᠡᠭᠡ ᠬᠠᠢ᠌ᠷ᠎ᠠ ᠶᠢ ᠠᠮᠠᠵᠤ ᠡᠳ᠋ᠯᠡᠭᠦ ᠭᠦᠮᠤᠨ ᠪᠠᠢ᠌ᠭᠰᠠᠨ ᠶᠤᠮ ᠃ ᠭᠡᠪᠴᠤ ᠳᠡᠭᠦᠨ ᠢ ᠳᠠᠨᠢᠵᠤ ᠴᠢᠳᠠᠭ᠎ᠠ ᠦᠭᠡᠶ᠂ ᠬᠠᠵᠠᠭᠤ ᠪᠠᠷ ᠨᠢ ᠥᠩᠭᠡᠷᠡᠭ᠍ᠰᠡᠨ ᠃ ᠳᠠᠷᠠ ᠶᠡᠭᠡ ᠰᠠᠤᠠᠭᠢᠯ ᠡᠴᠡ ᠥᠯᠡᠳᠡᠭ᠍ᠰᠡᠨ ᠶᠠᠭᠤᠮ᠎ᠠ ᠭᠡᠪᠠᠯ ᠰᠢᠨᠠᠯᠠᠬᠤ ᠬᠠᠷᠠᠮᠰᠠᠯ ᠪᠣᠭᠢᠨᠢᠳᠤᠯ ᠂ ᠶᠤᠠᠳᠤᠨ ᠤ ᠨᠠᠷ᠎ᠠ ᠪᠠᠷ ᠦᠭ‍ᠭᠦᠭ᠍ᠰᠡᠨ ᠭᠦᠤ ᠬᠤᠶᠠᠷ ᠮᠢᠨᠢ ᠪᠠᠢ᠌ᠯ᠎ᠠ ᠭᠡᠤᠨ ᠳᠠᠭᠤ ᠪᠠᠨ ᠳᠠᠰᠤᠯᠠᠭᠠᠤᠨ ᠂ ᠡᠮᠡᠭᠡᠨ ᠤ ᠨᠢᠳᠤᠨ ᠡᠴᠡ ᠪᠦᠭᠡᠮ ᠪᠦᠭᠡᠮ ᠨᠢᠯᠪᠣᠰᠤ ᠳᠤᠰᠤᠨ ᠬᠠᠴᠠᠷ ᠤᠨ ᠭᠢᠨᠢ ᠥᠷᠴᠢᠯᠡᠭᠡ ᠶᠢ ᠳᠠᠭᠠᠵᠤ ᠣᠷᠤᠰᠬᠤ ᠳᠤ ᠵᠠᠪᠠᠵᠢ ᠪᠠᠷ ᠶᠢᠡᠨ ᠰᠢᠮᠠᠨ ᠵᠠᠯᠭᠢᠵᠤ ᠪᠠᠢ᠌ᠯ᠎ᠠ ᠃

ᠪᠢ ᠭᠤᠠᠴᠤᠭ ᠤᠨ ᠳᠤᠬᠠᠢ ᠠᠰᠠᠭᠤᠮᠠᠷ ᠪᠠᠢ᠌ᠪᠠᠴᠤ ᠨᠢᠭᠡ ᠯᠠ ᠠᠰᠠᠭᠤᠬᠤ ᠵᠢᠷᠦᠭᠡ ᠭᠦᠷᠦᠭ᠍ᠰᠡᠨ ᠦᠭᠡᠶ᠃ ᠪᠠᠰᠠ ᠯᠠ ᠬᠠᠠᠳᠠ ᠭᠤᠸᠠᠢ ᠶᠢᠨ ᠰᠠᠤᠠᠭᠢᠯ ᠤᠨ ᠭᠠᠰᠠᠯᠠᠩ ᠡᠴᠡ ᠨᠠᠳᠠ ᠳᠤ ᠠᠶᠠᠠᠳᠠᠭᠠᠨ ᠳᠠᠮᠵᠢᠵᠤ ᠳᠤᠳᠤᠷ᠎ᠠ ᠮᠢᠨᠢ ᠨᠢᠭᠡ ᠯᠠ ᠡᠪ ᠦᠭᠡᠶ ᠪᠠᠢ᠌ᠪᠠ ᠃ ᠭᠡᠳᠡᠯ᠎ᠡ ᠬᠠᠠᠳᠠ ᠭᠤᠸᠠᠢ ᠨᠢᠭᠡ ᠯᠠ ᠰᠢ᠌ᠦᠡᠮᠡᠭᠡᠢ ᠵᠢᠪᠠᠭᠦᠭᠡᠨ ᠳᠠᠭᠤᠨ ᠶᠢᠡᠷ᠄

᠊᠊᠊᠊᠊᠊᠊᠊᠊᠊᠊᠊᠊᠊᠊ ᠵᠢᠯ ᠪᠣᠯᠤᠭᠠᠤᠨ ᠭᠡᠪᠠᠯᠢ ᠳᠤ ᠮᠢᠨᠢ ᠭᠡᠦᠭᠡᠤᠨ ᠪᠣᠢ ᠪᠣᠯᠪᠠ ᠃ ᠭᠡᠳᠡᠯ᠎ᠡ ᠭᠤᠠᠴᠤᠭ ᠤᠨ ᠵᠠᠩ ᠬᠤᠪᠢᠷᠠᠵᠤ ᠮᠠᠯ ᠢ ᠨᠢ ᠬᠠᠷᠢᠭᠤᠯᠵᠤ ᠪᠠᠢ᠌ᠭᠰᠠᠨ ᠠᠢ᠌ᠯ ᠤᠨ ᠪᠣᠴᠠᠮᠠᠯ ᠭᠡᠦᠭᠡᠨ ᠲᠡᠶ ᠰᠠᠤᠠᠭᠢᠯ ᠲᠡᠶ ᠪᠣᠯᠤᠭᠠᠤᠨ ᠳᠠᠳᠠᠨ ᠤ ᠭᠦᠷᠭᠡᠨ ᠪᠣᠯᠤᠯ᠎ᠠ ᠭᠡᠭᠦ ᠳᠤ᠄

᠊᠊᠊᠊᠊᠊᠊᠊᠊᠊᠊᠊᠊᠊᠊ ᠶᠠᠮᠠᠷ ᠮᠠᠭᠤᠬᠠᠢ ᠭᠦᠮᠤᠨ ᠪᠣᠢ ︖ ᠭᠡᠵᠤ ᠪᠢ ᠦᠪᠡᠷ ᠤᠨ ᠡᠷᠭᠡ ᠦᠭᠡᠶ ᠳᠠᠭᠤ ᠠᠯᠳᠠᠪᠠ ᠃

᠊᠊᠊᠊᠊᠊᠊᠊᠊᠊᠊᠊᠊᠊᠊ ᠵᠠ ᠂ ᠭᠦᠤ ᠮᠢᠨᠢ ᠮᠠᠭᠤᠬᠠᠢ ᠶᠠᠭᠤ ᠪᠠᠢ᠌ᠬᠤ ᠪᠣᠢ ᠳ᠋ᠡ ︕ ᠶᠤᠠᠳᠤᠨ ᠤ ᠰᠠᠤᠠᠭᠢᠯ ᠢ ᠳᠡᠭᠦᠨ ᠡᠴᠡ ᠳᠤᠤᠷ᠎ᠠ ᠪᠣᠯᠭᠠᠭᠰᠠᠨ ᠰᠢᠤ ᠳ᠋ᠡ︕ ᠪᠦᠭᠦᠢᠯᠡ ᠨᠠᠰᠤᠨ ᠳᠠᠭᠠᠨ ᠭᠡᠮᠰᠢᠵᠤ ᠂ ᠶᠤᠨᠳᠤᠨ ᠢ ᠪᠣᠳᠤᠨ ᠂ ᠶᠤᠠᠳᠤᠨ ᠢ ᠬᠠᠷᠠᠵᠤ ᠂ ᠵᠡᠭᠦᠳᠤᠨ ᠳᠡᠭᠡᠨ ᠳᠡᠭᠦᠨ ᠲᠡᠶ ᠶᠠᠷᠢᠵᠤ ᠶᠠᠪᠣᠯ᠎ᠠ ᠃ ᠰᠠᠢ᠌ᠬᠠᠨ ᠬᠠᠢ᠌ᠷ᠎ᠠ ᠪᠠᠢ᠌ᠳᠠᠭ ᠶᠤᠮ ᠰᠢᠤ ᠂ ᠣᠯᠪᠠᠯ ᠭᠠᠭᠴᠠᠭᠦ ᠠᠯᠳᠠᠵᠤ ᠪᠣᠯᠬᠤ ᠦᠭᠡᠶ᠂ ᠭᠦᠮᠤᠨ ᠤ ᠰᠠᠢ᠌ᠬᠠᠨ ᠳᠤᠳᠤᠷ᠎ᠠ ᠪᠠᠨ ᠨᠢᠭᠤᠴᠠ ᠪᠠᠢ᠌ᠳᠠᠭ ᠶᠤᠮ ᠳ᠋ᠠ ︕ ᠭᠦᠤ ᠮᠢᠨᠢ ᠴᠢ ᠮᠢᠨᠤ ᠶᠠᠷᠢᠭᠰᠠᠨ ᠢ ᠵᠠᠪᠠᠯ ᠰᠤᠨᠢᠨ ᠳᠤ ᠪᠢᠴᠢᠭᠡᠷᠡᠢ ᠂ ᠠᠮᠢᠳᠤᠷᠠᠯ ᠤᠨ ᠵᠠᠮ ᠳᠤ ᠭᠠᠷᠴᠤ ᠶᠠᠪᠣᠭ᠎ᠠ ᠵᠯᠠᠭᠤ ᠭᠦᠮᠦᠰ ᠲᠤ ᠭᠡᠷᠡᠭ᠍ᠳᠡᠢ ᠪᠣᠯᠵᠤ ᠮᠠᠭᠤᠨ᠁ ᠡ᠊ᠨᠡ ᠪᠣᠯ ᠮᠢᠨᠤ ᠭᠦᠮᠤᠨ ᠳᠤ ᠭᠡᠯᠡᠵᠤ ᠦᠭ‍ᠭᠦ ᠭᠡᠰᠡᠨ ᠠᠮᠢᠳᠤᠷᠠᠯ ᠡᠴᠡ ᠥᠯᠡᠳᠡᠭ᠍ᠰᠡᠨ ᠭᠠᠭᠴᠠ ᠵᠣᠢ᠌ᠯ ᠪᠠᠢ᠌ᠭ᠎ᠠ ᠶᠤᠮ ᠃ ᠭᠡᠤᠨ ᠱᠠᠪᠭᠢᠳᠠᠯ᠎ᠠ ᠪᠣᠰᠴᠤ ᠰᠢᠭᠤᠳ ᠭᠠᠷᠴᠤ ᠶᠠᠪᠣᠯ᠎ᠠ ᠃

ᠳᠠᠷᠠ ᠣᠷᠤᠢ ᠬᠠᠠᠳᠠ ᠭᠤᠸᠠᠢ ᠶᠢᠨ ᠪᠠᠶ᠎ᠠ ᠨᠢ ᠮᠠᠭᠤᠳᠠᠵᠤ ᠂ ᠭᠦᠤ ᠨᠢ ᠡᠮᠴᠢ ᠳᠤ ᠶᠠᠪᠣᠵᠤ ᠪᠢᠳᠠ ᠳᠠᠳᠠᠨ ᠤ ᠭᠡᠷ ᠲᠤ ᠴᠤᠭᠯᠠᠷᠠᠪᠠ ᠃ ᠬᠠᠠᠳᠠ ᠭᠤᠸᠠᠢ ᠶᠢᠨ ᠴᠢᠷᠠᠢ ᠳᠤ ᠭᠦᠩᠭᠡᠨ ᠮᠦᠰᠢᠶᠠᠯ ᠳᠤᠳᠤᠷᠠᠵᠤ ᠥᠭᠡ ᠭᠡᠯᠡᠭᠦ ᠭᠡᠰᠡᠨ ᠶᠢᠡᠨ ᠭᠡᠳᠤ ᠳᠠᠭᠢᠨ ᠡᠪ ᠦᠭᠡᠶ ᠵᠤᠭᠰᠤᠭᠠᠤᠨ ᠄ 《 ᠶᠤᠠᠳᠤᠨ ᠮᠢᠨᠢ ︕ 》 ᠭᠡᠤᠨ ᠳᠠᠯᠠᠢ᠌ᠭᠴᠢ ᠪᠣᠯᠵᠤ ᠪᠢᠯᠠ ᠃

ᠪᠢ ᠬᠠᠠᠳᠠ ᠭᠤᠸᠠᠢ ᠶᠢᠨ ᠶᠠᠷᠢᠭᠰᠠᠨ ᠢ ᠨᠡᠮᠡᠭᠦ ᠦᠭᠡᠶ᠂ ᠬᠠᠰᠤᠬᠤ ᠦᠭᠡᠶ᠃ ᠥᠨᠡᠭᠡᠷ ᠴᠤ ᠠᠮᠢᠳᠤᠷᠠᠯ ᠤᠨ ᠵᠠᠮ ᠳᠤ ᠭᠠᠷᠴᠤ ᠶᠠᠪᠣᠭ᠎ᠠ ᠵᠠᠯᠠᠭᠤ ᠭᠦᠮᠦᠰ ᠲᠤ᠄

᠊᠊᠊᠊᠊᠊᠊᠊᠊᠊᠊᠊᠊᠊᠊ ᠰᠠᠢ᠌ᠬᠠᠨ ᠬᠠᠢ᠌ᠷ᠎ᠠ ᠭᠡᠵᠤ ᠪᠠᠢ᠌ᠳᠠᠭ ᠶᠤᠮ ᠰᠢᠤ ︕ ᠣᠯᠪᠠᠯ ᠠᠯᠳᠠᠵᠤ ᠪᠣᠯᠬᠤ ᠦᠭᠡᠶ︕ ᠭᠡᠰᠡᠨ ᠬᠠᠠᠳᠠ ᠭᠤᠸᠠᠢ ᠶᠢᠨ ᠥᠭᠡ ᠴᠢᠬᠤᠯᠠ ᠡᠴᠡ ᠴᠢᠬᠤᠯᠠ ᠪᠢᠯᠠ ᠃


ᠵᠤᠬᠢᠶᠠᠭᠴᠢ᠄ ᠴ·ᠯᠤᠳᠤᠢ᠌ᠳᠠᠮᠪᠠ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠥᠭᠥᠯᠡᠯᠭᠡ
ᠳᠠᠷᠤᠮ᠄ 9234
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ