ᠨᠡᠪᠲᠡᠷᠡᠨ ᠤᠷᠤᠬᠤ
ᠪᠢ ᠦᠪᠡᠷ ᠶᠢᠡᠨ ᠮᠢᠨᠤᠭᠢ ᠪᠢᠰᠢ

ᠣᠷᠤᠭᠤᠯ ᠡᠴᠡ ᠪᠠᠨ ᠪᠢ ᠴᠢᠮ᠎ᠠ ᠶᠢ ᠬᠠᠷᠠᠮᠯᠠᠳᠠᠭ

         ᠣᠴᠢᠷ ᠨᠢ ᠴᠢ ᠪᠣᠯ ᠮᠢᠨᠤᠭᠢ

ᠰᠠᠯᠭᠢ ᠠᠩᠭᠢᠯᠵᠤ

ᠴᠢᠨᠤ ᠢᠷᠡᠭ᠍ᠰᠡᠨ ᠢ ᠰᠢᠪᠠᠨᠠᠨ᠎ᠡ

ᠴᠢᠮ᠎ᠠ ᠡᠴᠡ ᠢᠴᠢᠵᠤ ᠨᠠᠭᠤᠷ ᠳᠤᠳᠤᠷ᠎ᠠ

ᠪᠦᠳᠤᠨ ᠰᠠᠷᠠ ᠨᠢᠭᠤᠭᠳᠠᠨ᠎ᠠ᠂   

ᠳᠦᠷᠦᠭᠡ ᠬᠠᠩᠭᠢᠨᠠᠵᠤ

ᠴᠢᠨᠤ ᠢᠷᠡᠭ᠍ᠰᠡᠨ ᠢ ᠳᠤᠭᠤᠯᠭᠠᠨ᠎ᠠ

ᠴᠢᠮ᠎ᠠ ᠡᠴᠡ ᠢᠴᠢᠵᠤ ᠨᠠᠭᠤᠷ ᠳᠤᠳᠤᠷ᠎ᠠ

ᠪᠦᠳᠤᠨ ᠳᠡᠯᠡᠭᠡᠢ ᠬᠤᠷᠭᠤᠳᠠᠨ᠎ᠠ᠃   


ᠨᠠᠮ᠎ᠠ ᠶᠢ ᠰᠠᠨᠠᠭᠰᠠᠨ ᠣᠷᠳᠤ ᠡᠳᠦᠷ ᠤᠳ ᠤᠨ ᠳᠤᠭ᠎ᠠ

ᠴᠢᠷᠠᠢ ᠳᠡᠭᠡᠷ᠎ᠡ ᠴᠢᠨᠢ ᠪᠢᠴᠢᠭ᠍ᠳᠡᠭ᠍ᠰᠡᠨ ᠡᠴᠡ

ᠬᠠᠷᠠᠭᠠᠤᠨ ᠯᠠ ᠪᠠᠢ᠌ᠮᠠᠷ

ᠨᠠᠰᠤᠨ ᠤ ᠴᠢᠨᠢ ᠬᠠᠨᠢ ᠪᠣᠯᠤᠨ᠎ᠠ ᠳ᠋ᠠ ᠭᠡᠵᠤ

ᠨᠢᠳᠤ ᠴᠢᠨᠢ ᠭᠡᠯᠡᠭᠡᠳ ᠨᠢᠯᠬᠠᠷᠠᠬᠤ ᠳᠤ

ᠬᠠᠢ᠌ᠷᠠᠯᠠᠭᠠᠤᠨ ᠯᠠ ᠰᠠᠭᠤᠮᠠᠷ᠃   


ᠵᠥᠭᠡᠯᠡᠨ ᠣᠷᠤᠭᠤᠯ ᠳᠤ ᠴᠢᠨᠢ

ᠵᠢᠷᠦᠭᠡᠨ ᠤ ᠭᠠᠩ ᠳᠠᠢ᠌ᠯᠤᠭᠳᠠᠵᠤ

ᠰᠡᠪᠢᠯᠭᠡ ᠶᠢᠨ ᠴᠢᠨᠢ ᠦᠨᠦᠷ ᠲᠤ

ᠰᠡᠳᠭᠢᠯ ᠤᠨ ᠰᠤᠷᠪᠢ ᠠᠷᠢᠯᠵᠤ

ᠪᠣᠷᠤ ᠳᠠᠯ᠎ᠠ ᠶᠢᠨ ᠡᠭᠢᠨ ᠳᠤ

ᠪᠠᠶ᠎ᠠ ᠪᠠᠶ᠎ᠠ ᠪᠠᠨ ᠳᠦᠰᠢᠯᠴᠡᠭ᠍ᠰᠡᠨ ᠬᠤᠶᠠᠷ

ᠪᠣᠳᠤᠯ ᠪᠣᠳᠤᠯ ᠳᠤ ᠪᠠᠨ

ᠨᠢᠭᠡᠨ ᠶᠢᠡᠨ ᠬᠠᠢ᠌ᠷᠠᠯᠠᠨ ᠵᠢᠷᠭᠠᠨ᠎ᠠ᠂   

ᠠᠭᠢ ᠪᠠᠷ ᠠᠮᠢᠰᠬᠤᠯᠯᠠᠭᠰᠠᠨ ᠳᠠᠯ᠎ᠠ ᠳᠡᠭᠡᠷ᠎ᠡ

ᠮᠢᠠᠳᠠᠰᠤᠨ ᠬᠠᠴᠠᠷ ᠲᠤ ᠴᠢᠨᠢ ᠣᠷᠤᠭᠤᠯ ᠶᠢᠡᠨ ᠨᠠᠭᠠᠵᠤ

《ᠠᠮᠠᠷᠠᠭ ᠮᠢᠨᠢ ᠡ ᠁》 ᠭᠡᠵᠤ ᠠᠮᠢᠠᠴᠢᠯᠠᠬᠤ ᠨᠢ

ᠮᠣᠢ᠌ᠨᠤ ᠠᠵᠠ ᠵᠢᠷᠭᠠᠯ ᠤᠨ ᠲᠤᠢ᠌ᠯᠰᠢᠷᠠᠯ ᠡ᠃   


ᠬᠠᠢ᠌ᠷ᠎ᠠ ᠶᠢᠨ ᠴᠢᠨᠢ ᠥᠭᠡᠨ ᠳᠤ

ᠬᠠᠵᠠᠭᠠᠷ ᠤᠨ ᠴᠢᠮᠡᠭᠡ ᠪᠦᠳᠡᠭᠡᠢ᠌ᠷᠡᠵᠤ

ᠬᠠᠴᠠᠷ ᠤᠨ ᠴᠢᠨᠢ ᠳᠤᠶᠠᠭᠠᠨ ᠳᠤ

ᠣᠳᠤᠳ ᠤᠨ ᠭᠡᠭᠡ ᠪᠦᠳᠦᠷᠢᠨ᠎ᠡ᠂   

ᠴᠢᠮ᠎ᠠ ᠶᠢ ᠯᠠ ᠰᠠᠨᠠᠬᠤ ᠭᠡᠵᠤ

ᠵᠢᠷᠦᠭᠡ ᠮᠢᠨᠢ ᠳᠤᠷᠤᠭᠰᠢ ᠪᠠᠨ ᠬᠠᠷᠠᠵᠤ ᠣᠷᠭᠤᠭᠰᠠᠨ

ᠴᠢᠨᠤ ᠯᠠ ᠲᠦᠯᠦᠭᠡ ᠣᠭᠢᠯᠠᠬᠤ ᠭᠡᠵᠤ

ᠨᠢᠳᠤᠨ ᠳᠤ ᠪᠠᠨ ᠨᠣᠢ᠌ᠳᠠᠨ ᠨᠢᠯᠪᠣᠰᠤ ᠲᠡᠶ ᠳᠦᠷᠦᠭ᠍ᠰᠡᠨ

ᠳᠠᠢ᠌ᠮᠤ ᠪᠣᠯᠬᠤᠷ ᠶᠢᠡᠨ

ᠳᠡᠩᠭᠡᠯᠢᠭ᠌ ᠶᠢᠡᠨ ᠳᠤᠭᠤᠷᠢᠳᠠᠭ ᠣᠷᠴᠢᠯᠠᠩ ᠳᠤ

ᠨᠠᠳᠠ ᠳᠤ ᠪᠠᠢ᠌ᠭ᠎ᠠ ᠶᠠᠭᠤᠮ᠎ᠠ ᠪᠦᠭᠦᠨ ᠮᠢᠨᠤᠭᠢ ᠪᠢᠰᠢ

ᠪᠢ ᠦᠪᠡᠷ ᠶᠢᠡᠨ ᠴᠤ ᠮᠢᠨᠤᠭᠢ ᠪᠢᠰᠢ

ᠵᠥᠪᠭᠡᠨ ᠴᠢ ᠯᠠ

ᠮᠢᠨᠤᠭᠢ︕   

             ᠊᠊᠊᠊᠊᠊᠊᠊᠊᠊᠊᠊᠊᠊᠊ 2010.11.05

              ᠮᠥᠭ᠍ᠳᠡᠨ ᠬᠤᠳᠠ


ᠵᠤᠬᠢᠶᠠᠭᠴᠢ ᠶᠢᠨ ᠬᠠ‍‌ᠶᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 11 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ