☆ ᠸ·ᠠᠭᠤᠯᠠ
ᠡᠵᠢ ᠶᠢᠨ ᠭᠠᠷ
ᠨᠢᠯᠬ᠎ᠠ ᠶᠢᠨ ᠳᠠᠭᠤ ᠲᠡᠶ ᠣᠭᠢᠯᠠᠨ ᠣᠨᠠᠬᠤ ᠳ᠋ᠤ
ᠨᠢᠭᠦᠯᠡᠰᠴᠤ ᠣᠨᠠᠭᠰᠠᠨ ᠳᠤᠯᠠᠭᠠᠨ ᠭᠠᠷ
ᠨᠢᠯᠪᠣᠰᠤᠨ ᠳᠤᠰᠤᠯ ᠡᠩᠭᠡᠷ ᠰᠡᠮᠴᠢᠭᠦ ᠳᠤ
ᠡᠨᠡᠷᠢᠵᠤ ᠪᠦᠪᠠᠢ᠌ᠯᠡᠭ᠍ᠰᠡᠨ ᠳᠦᠰᠢᠭ᠌ ᠭᠠᠷ ᠁
ᠰᠤᠶᠤᠯ ᠡᠷᠳᠡᠮ ᠤᠨ ᠳᠤᠷᠭᠠᠨ ᠳᠡᠯᠡᠭᠡᠢ ᠳᠤ
ᠰᠤᠶᠤᠷᠬᠠᠵᠤ ᠢᠯᠡᠭᠡᠭ᠍ᠰᠡᠨ ᠥᠭ᠍ᠭᠢᠶᠡᠮᠦᠷ ᠭᠠᠷ
ᠰᠤᠨᠤᠯᠵᠠᠬᠤ ᠢᠷᠡᠭᠡᠳᠦᠢ ᠶᠢᠨ ᠡᠩᠭᠡ ᠬᠠᠷᠭᠤᠢ ᠳᠤ
ᠰᠤᠳᠤᠷ ᠤᠨ ᠭᠠᠠᠵᠤᠭ᠎ᠠ ᠲᠡᠶ ᠡᠷᠭᠦᠭ᠍ᠰᠡᠨ ᠭᠠᠷ ᠁
ᠡᠵᠢ ᠶᠢᠨ ᠭᠠᠷ ᠤᠨ ᠷᠢᠳᠢ ᠰᠢᠳᠢ ᠪᠠᠷ
ᠡᠷᠪᠠᠢ ᠭᠦᠤ ᠨᠢ ᠪᠢ ᠳᠤᠷᠪᠢᠵᠢᠭᠰᠠᠨ ᠶᠤᠮ
ᠡᠩ ᠬᠤᠷᠸ᠎ᠠ ᠶᠢᠨ ᠠᠭᠤᠳᠠᠮ ᠵᠠᠢ ᠳ᠋ᠤ
ᠡᠷ᠎ᠡ ᠶᠢᠨ ᠭᠡᠢ᠌ᠮᠦᠷᠢ ᠲᠡᠶ ᠵᠤᠭᠰᠤᠭᠰᠠᠨ ᠶᠤᠮ ᠁
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 14101
ᠴᠠᠭ᠄ 2014 ᠤᠨ ᠤ 02 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ