☆ ᠬᠠᠷᠠᠨᠤᠳ ᠳᠦᠷᠤ ᠵᠠᠶᠠᠭ᠎ᠠ
ᠳᠠᠷᠠ ᠰᠦᠨᠢ
ᠳᠠᠷᠠ ᠰᠦᠨᠢ ᠶᠢᠨ ᠳᠡᠭ᠍ᠷᠢ ᠡᠴᠠ ᠰᠠᠷᠠᠨ ᠣᠢ᠌ᠤᠠᠴᠤ
ᠪᠣᠷᠤᠭᠠᠨ ᠤ ᠴᠡᠩᠭᠡᠭ᠌ ᠱᠤᠤᠭᠢᠶᠠᠨ ᠳᠤ ᠣᠶᠠᠷᠠᠨ᠎ᠠ᠂
ᠳᠠᠷᠠ ᠨᠤᠳᠤᠭ ᠤᠨ ᠰᠦᠨᠢ ᠡᠴᠠ ᠰᠠᠳᠭᠢᠯ ᠭᠡᠶᠦᠷᠡᠵᠤ
ᠳᠡᠭ᠍ᠷᠢ ᠶᠢᠨ ᠭᠠᠭᠴᠠ ᠣᠳᠤᠨ ᠪᠣᠯᠵᠤ ᠬᠠᠷᠪᠣᠨ᠎ᠠ᠃
ᠨᠠᠮᠤᠷ ᠡᠴᠠ ᠨᠠᠮᠤᠷ ᠢ ᠦᠳᠡᠵᠤ ᠬᠤᠯᠠᠳᠤᠭᠰᠠᠭᠠᠷ
ᠠᠶᠠᠨ ᠤ ᠴᠤᠪᠣᠭ᠎ᠠ ᠨᠠᠪᠴᠢᠰ ᠤᠨ ᠠᠯᠠᠭᠠᠨ ᠳᠤ ᠳᠠᠳᠠᠵᠠᠢ᠂
ᠶᠡᠭᠡ ᠣᠯᠠᠨ ᠵᠢᠯ ᠡᠭᠦᠯᠡᠰ ᠰᠢᠭ᠌ ᠨᠡᠭᠦᠭ᠍ᠰᠡᠭᠡᠷ
ᠰᠠᠨᠠᠭ᠎ᠠ ᠪᠣᠳᠤᠯ ᠳᠤ ᠨᠤᠳᠤᠭ ᠤᠨ ᠪᠠᠷ᠎ᠠ ᠡᠯᠡᠭ᠍ᠳᠡᠵᠡᠢ᠃
ᠠᠯᠤᠰ ᠳᠡᠷᠳᠡᠭᠡᠭᠢ ᠠᠯᠳᠠᠨ ᠭᠠᠳᠠᠰᠤ ᠶᠢᠨ ᠭᠡᠭᠡ
ᠣᠰᠤᠨ ᠪᠣᠯᠤᠷ ᠰᠢᠭᠦᠳᠡᠷ ᠪᠣᠯᠵᠤ ᠴᠡᠯᠴᠡᠭᠡᠨᠡᠨᠡ
ᠰᠠᠨᠠᠵᠤ ᠮᠦᠷᠦᠭᠡᠳᠦᠭ᠍ᠰᠡᠨ ᠣᠨᠠᠭᠠᠨ ᠨᠤᠳᠤᠭ ᠤᠨ ᠰᠠᠯᠭᠢ
ᠰᠠᠯᠵᠤ ᠪᠣᠳᠠᠷᠠᠭᠰᠠᠨ ᠴᠠᠰᠤᠨ ᠪᠣᠯᠵᠤ ᠬᠠᠢ᠌ᠯᠠᠨᠠ ᠡ︕
ᠳᠠᠷᠠ ᠰᠦᠨᠢ ᠶᠢᠨ ᠵᠡᠭᠦᠳᠤᠨ ᠡᠴᠡ ᠨᠠᠷᠠᠨ ᠮᠠᠠᠳᠤᠵᠤ
ᠭᠡᠶᠦᠷᠡᠭ᠍ᠰᠡᠨ ᠰᠡᠳᠭᠢᠯ ᠢ ᠮᠢᠨᠢ ᠠᠷᠭᠠᠳᠠᠶ᠎ᠠ ᠭᠡᠮᠡᠭᠦ ᠳ᠋ᠡᠭᠡᠨ
ᠰᠠᠠᠰᠠᠷ ᠣᠷᠴᠢᠯᠠᠩ ᠤᠨ ᠠᠯᠳᠠᠩᠬᠠᠨ ᠬᠤᠷᠤᠮ ᠳᠤ ᠬᠤᠷᠭᠤᠳᠤᠭᠰᠠᠭᠠᠷ
ᠰᠠᠷᠨᠠᠢ ᠴᠡᠴᠡᠭ᠌ ᠤᠨ ᠳᠡᠯᠪᠠᠭᠡ ᠪᠣᠯᠤᠨ ᠳᠡᠯᠭᠡᠷᠡᠵᠡᠢ᠂
ᠮᠤᠩᠭ᠋ᠤᠯ ᠤᠨ ᠡᠷᠳᠡᠨᠢᠳᠤ ᠬᠤᠳᠠ ᠳ᠋ᠤ
2010 ᠣᠨ ᠤ 2 ᠰᠠᠷ᠎ᠠ ᠵᠢᠨ10᠃
ᠵᠤᠬᠢᠶᠠᠭᠴᠢ ᠶᠢᠨ ᠬᠠᠶᠢᠭ᠄ ᠬᠠᠢ᠌ᠯᠠᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ