ᠨᠡᠪᠲᠡᠷᠡᠨ ᠤᠷᠤᠬᠤ
ᠮᠤᠩᠭ᠋ᠤᠯᠴᠤᠳ ᠤᠨ ᠬᠤᠪᠴᠠᠰᠤ ᠵᠠᠰᠠᠯ

ᠮᠤᠩᠭ᠋ᠤᠯᠴᠤᠳ ᠤᠨ ᠬᠤᠪᠴᠠᠰᠤ ᠵᠠᠰᠠᠯ ᠢ ᠶᠡᠷᠦᠩᠭᠡᠢ ᠳᠡᠭᠡᠨ ᠳᠤᠯᠤᠭᠠᠢ ᠶᠢᠨ ᠵᠠᠰᠠᠯ᠂ ᠳᠡᠷᠯᠢᠭ᠌᠂ ᠪᠦᠰᠡ᠂ ᠭᠤᠳᠤᠯ ᠭᠡᠵᠤ ᠳᠦᠷᠪᠡᠨ ᠭᠤᠤᠯ ᠭᠡᠰᠡᠭ᠌ ᠲᠤ ᠬᠤᠪᠢᠶᠠᠨ᠎ᠠ᠃

ᠳᠤᠯᠤᠭᠠᠢ ᠶᠢᠨ ᠵᠠᠰᠠᠯ᠄ ᠮᠤᠩᠭ᠋ᠤᠯ ᠡᠮᠡᠭ᠍ᠳᠡᠢ᠌ᠴᠦᠳ ᠴᠠᠭᠠᠨ ᠰᠠᠷ᠎ᠠ᠂ ᠪᠠᠶᠠᠷ ᠨᠠᠢ᠌ᠷ ᠪᠣᠶᠤ ᠳᠠᠢ᠌ᠯᠠᠯᠭ᠎ᠠ ᠳᠤ ᠣᠷᠤᠯᠴᠠᠬᠤ᠂ ᠳᠦᠷᠤᠯ ᠰᠠᠳᠤᠨ ᠳᠠᠭᠠᠨ ᠭᠡᠢ᠌ᠴᠢᠯᠡᠭᠦ ᠪᠣᠶᠤ ᠠᠠᠳᠠ ᠨᠥᠭᠦᠤᠨ ᠶᠢᠡᠨ ᠡᠷᠭᠢᠵᠤ ᠥᠵᠡᠭᠦ ᠦᠶ᠎ᠡ ᠳᠤ ᠳᠤᠯᠤᠭᠠᠢ ᠳᠡᠭᠡᠷ᠎ᠡ ᠪᠠᠨ ᠵᠠᠰᠠᠯ ᠵᠡᠭᠦᠳᠡᠭ᠌᠃ ᠳᠤᠯᠤᠭᠠᠢ ᠶᠢᠨ ᠵᠠᠰᠠᠯ ᠤᠨ ᠲᠦᠷᠦᠯ ᠵᠣᠢ᠌ᠯ ᠣᠪᠣᠭ᠎ᠠ ᠠᠷᠪᠢᠨ ᠪᠠᠢ᠌ᠳᠠᠭ᠃ ᠨᠠᠯᠢᠶᠠᠤᠨ ᠰᠠᠢ᠌ᠨ ᠰᠢᠭ ᠢ ᠨᠢ ᠮᠠᠨᠤᠬᠤ᠂ ᠰᠤᠪᠣᠤᠨ᠂ ᠡᠷᠳᠡᠨᠢ ᠶᠢᠨ ᠴᠢᠯᠠᠭᠤ᠂ ᠠᠯᠳᠠ ᠮᠥᠩᠭᠦ ᠪᠠᠷ ᠭᠢᠳᠡᠭ᠌᠃ ᠡᠩ ᠤᠨ ᠦᠶ᠎ᠡ ᠳᠤ᠂ ᠮᠠᠯᠵᠢᠬᠤ ᠣᠷᠤᠨ ᠤ ᠡᠮᠡᠭ᠍ᠳᠡᠢ᠌ᠴᠦᠳ ᠮᠠᠯᠠᠭᠠᠢ ᠵᠡᠭᠦᠳᠡᠭ᠌ ᠦᠭᠡᠶ᠂ ᠣᠯᠩᠭᠢ ᠳᠠᠭᠠᠨ ᠣᠯᠠᠭᠠᠨ ᠨᠤᠭᠤᠭᠠᠨ ᠥᠩᠭᠡ ᠶᠢᠨ ᠳᠤᠷᠭ᠎ᠠ ᠳᠤᠷᠳᠤᠩ ᠶᠢᠡᠷ ᠳᠤᠯᠤᠭᠠᠢ ᠪᠠᠨ ᠣᠷᠢᠶᠠᠳᠠᠭ ᠪᠢᠯᠠ᠃ ᠡᠷᠭ᠍ᠳᠡᠢ᠌ᠴᠦᠳ ᠨᠢ ᠣᠯᠠᠩᠭᠢ ᠳᠠᠭᠠᠨ ᠡᠪᠦᠯ ᠤᠨ ᠴᠠᠭ ᠲᠤ ᠱᠤᠪᠣᠭᠤᠷ ᠣᠷᠤᠢ ᠲᠡᠶ ᠳᠤᠮᠤ ᠴᠢᠭᠢ ᠲᠡᠶ ᠬᠤᠨᠢᠨ ᠠᠷᠠᠰᠤᠨ ᠮᠠᠯᠠᠭᠠᠢ ᠡᠮᠦᠰᠴᠤ᠂ ᠵᠤᠨ ᠳᠠᠭᠠᠨ ᠰᠠᠷᠠᠪᠴᠢ ᠲᠡᠶ ᠳᠠᠩ ᠮᠠᠯᠠᠭᠠᠢ ᠡᠮᠦᠰᠳᠡᠭ᠌᠃

ᠳᠡᠷᠯᠢᠭ᠌᠄ ᠮᠤᠩᠭ᠋ᠤᠯ ᠦᠨᠳᠦᠰᠦᠳᠠᠨ ᠤ ᠡᠷᠡᠭ᠍ᠳᠡᠢ ᠡᠮᠡᠭ᠍ᠳᠡᠢ ᠭᠦᠭ᠍ᠰᠢᠨ ᠵᠠᠯᠠᠭᠤ ᠪᠦᠭᠦᠳᠡᠭᠡᠷ ᠶᠢᠡᠨ ᠳᠡᠷᠯᠢᠭ᠌ ᠡᠮᠦᠰᠭᠦ ᠳᠤᠷᠠᠳᠠᠢ ᠪᠠᠢ᠌ᠳᠠᠭ᠂ ᠳᠡᠷᠯᠢᠭ᠌ ᠨᠢ ᠠᠭᠤᠵᠢᠭᠤ ᠡᠯᠪᠠᠭ᠌ ᠪᠦᠭᠡᠤᠨ ᠣᠷᠳᠤ ᠬᠠᠠᠴᠤᠢ ᠲᠡᠶ ᠪᠠᠢ᠌ᠵᠤ᠂ ᠶᠡᠷᠦᠩᠭᠡᠢ ᠳᠡᠭᠡᠨ ᠣᠨᠤᠭᠤ ᠭᠠᠷᠭᠠᠳᠠᠭ ᠦᠭᠡᠶ᠂ ᠪᠣᠰᠤᠭ᠎ᠠ ᠵᠠᠭᠠᠮ᠎ᠠ ᠲᠡᠶ᠂ ᠪᠠᠷᠠᠭᠤᠨ ᠳᠠᠯ᠎ᠠ ᠳᠠᠭᠠᠨ ᠳᠤᠪᠴᠢ ᠲᠡᠶ ᠪᠠᠢ᠌ᠳᠠᠭ᠃ ᠳᠡᠷᠯᠢᠭ᠌ ᠤᠨ ᠵᠠᠭᠠᠮ᠎ᠠ᠂ ᠬᠠᠠᠴᠤᠢ᠂ ᠭᠦᠪᠠᠭᠡ ᠶᠢ ᠨᠢ ᠬᠤᠷᠭᠤᠢ ᠪᠠᠷ ᠡᠮᠵᠢᠶᠡᠷᠯᠡᠵᠤ᠂ ᠳᠡᠷᠯᠢᠭ᠌ ᠤᠨ ᠶᠢᠡᠨ ᠥᠩᠭᠡ ᠶᠢ ᠭᠠᠵᠠᠷ ᠣᠷᠤᠨ ᠪᠣᠯᠤᠨ ᠭᠦᠮᠤᠨ ᠤ ᠪᠠᠢ᠌ᠳᠠᠯ ᠳᠠᠭᠠᠨ ᠳᠠᠭᠠᠷᠠᠭᠤᠯᠵᠤ ᠭᠢᠳᠡᠭ᠌᠃ ᠡᠷᠭ᠍ᠳᠡᠢ᠌ᠴᠦᠳ ᠨᠢ ᠭᠦᠭᠡ ᠪᠣᠶᠤ ᠬᠠᠷ᠎ᠠ ᠭᠦᠷᠡᠩ ᠥᠩᠭᠡᠨ ᠳᠤ ᠳᠤᠷᠠᠳᠠᠢ᠂ ᠡᠮᠡᠭ᠍ᠳᠡᠢ᠌ᠴᠦᠳ ᠨᠢ ᠣᠯᠠᠭᠠᠨ᠂ ᠨᠤᠭᠤᠭᠠᠨ᠂ ᠶᠠᠭᠠᠨ ᠥᠩᠭᠡᠨ ᠳᠤ ᠳᠤᠷᠠᠳᠠᠢ ᠪᠦᠭᠡᠤᠨ ᠵᠤᠨ ᠤ ᠳᠠᠩ ᠳᠠᠪᠬᠤᠷ ᠳᠡᠷᠯᠢᠭ᠌ ᠨᠢ ᠶᠡᠷᠦᠩᠭᠡᠢ ᠳᠡᠭᠡᠨ ᠴᠡᠩᠭᠡᠷ ᠨᠤᠭᠤᠭᠠᠨ᠂ ᠶᠠᠭᠠᠨ᠂ ᠴᠡᠩᠭᠡᠷ᠂ ᠰᠦᠨ ᠴᠠᠭᠠᠨ ᠵᠡᠷᠭᠡ ᠭᠦᠶ‍ᠦᠭᠡᠨ ᠥᠩᠭᠡ ᠲᠡᠶ ᠪᠠᠢ᠌ᠳᠠᠭ᠃ ᠡᠪᠦᠯ ᠡᠮᠦᠰᠳᠡᠭ᠌ ᠨᠡᠭᠡᠢ ᠳᠠᠪᠠᠯ ᠶᠢᠡᠨ ᠣᠯᠠᠩᠭᠢ ᠳᠠᠭᠠᠨ ᠬᠠᠷ᠎ᠠ᠂ ᠪᠣᠷᠤ᠂ ᠭᠦᠨ ᠭᠦᠭᠡ ᠥᠩᠭᠡ ᠪᠠᠷ ᠭᠠᠳᠠᠷᠯᠠᠳᠠᠭ᠃ ᠳᠡᠷᠯᠢᠭ᠌ ᠨᠢ ᠮᠠᠯᠵᠢᠬᠤ ᠣᠷᠤᠨ ᠤ ᠠᠮᠢᠳᠤᠷᠠᠯ ᠤᠨ ᠣᠷᠴᠢᠨ ᠳᠤ ᠳᠤᠩ ᠳᠤᠭᠢᠷᠠᠮᠵᠢᠳᠠᠢ ᠪᠠᠢ᠌ᠳᠠᠭ᠃ ᠳᠠᠷᠠ ᠨᠢ ᠠᠭᠤᠵᠢᠭᠤ ᠡᠯᠪᠠᠭ᠌ ᠪᠦᠭᠡᠤᠨ ᠣᠨᠤᠭᠤ ᠦᠭᠡᠶ ᠪᠣᠯᠬᠤᠷ᠂ ᠮᠤᠷᠢ ᠣᠨᠤᠵᠤ ᠮᠠᠯ ᠮᠠᠯᠵᠢᠬᠤ ᠳᠤ ᠡᠪᠦᠳᠦᠭ᠌ ᠢ ᠳᠠᠷᠤᠵᠤ᠂ ᠭᠦᠢᠳᠡᠨ ᠰᠠᠯᠭᠢᠨ ᠢ ᠬᠠᠯᠬᠠᠯᠠᠵᠤ᠂ ᠵᠤᠨ ᠤ ᠡᠳᠦᠷ ᠪᠠᠳᠠᠭᠠᠨ᠎ᠠ ᠶᠢ ᠰᠡᠷᠭᠡᠢ᠌ᠯᠡᠳᠡᠭ᠌᠃ ᠳᠡᠷᠯᠢᠭ᠌ ᠢ ᠪᠠᠰᠠ ᠴᠠᠮᠴᠠ᠂ ᠣᠭᠤᠴᠠᠷ᠂ ᠴᠤᠪᠠ ᠁ ᠭᠡᠵᠤ ᠬᠤᠪᠢᠶᠠᠳᠠᠭ᠃

ᠪᠦᠰᠡ᠄ ᠪᠦᠰᠡ ᠪᠣᠯ ᠮᠤᠩᠭ᠋ᠤᠯᠴᠤᠳ ᠤᠨ ᠳᠡᠷᠯᠢᠭ᠌ ᠡᠮᠦᠰᠭᠦ ᠳᠤ ᠳᠤᠳᠠᠭᠳᠠᠵᠤ ᠪᠣᠯᠤᠰᠢ ᠦᠭᠡᠶ ᠶᠠᠭᠤᠮ᠎ᠠ ᠮᠦᠨ᠃ ᠳᠡᠭᠦᠨ ᠢ ᠪᠦᠰ ᠪᠣᠶᠤ ᠳᠤᠷᠭ᠎ᠠ ᠳᠤᠷᠳᠤᠩ ᠶᠢᠡᠷ ᠭᠢᠳᠡᠭ᠌ ᠪᠦᠭᠡᠤᠨ ᠥᠩᠭᠡ ᠶᠢ ᠨᠢ ᠳᠡᠷᠯᠢᠭ᠌ ᠲᠡᠶ ᠪᠠᠨ ᠵᠤᠭᠢᠴᠠᠭᠤᠯᠳᠠᠭ ᠪᠠᠢ᠌ᠨ᠎ᠠ᠃ ᠡᠷᠭ᠍ᠳᠡᠢ᠌ᠴᠦᠳ ᠨᠢ ᠣᠯᠠᠩᠭᠢ ᠳᠠᠭᠠᠨ ᠳᠡᠷᠯᠢᠭ᠌ ᠶᠢᠡᠨ ᠠᠭᠰᠠᠨ ᠪᠦᠰᠡᠯᠡᠳᠡᠭ᠌ ᠪᠣᠯᠬᠤᠷ ᠴᠤᠭ ᠵᠤᠪᠬᠤᠭ᠎ᠠ ᠲᠡᠶ ᠪᠦᠭᠡᠤᠨ ᠲᠦᠪ ᠶᠡᠭᠡᠮᠰᠦᠭ᠌ ᠬᠠᠷᠠᠭᠳᠠᠵᠤ᠂ ᠮᠤᠷᠢ ᠣᠨᠤᠬᠤ ᠳᠤ ᠴᠤ ᠳᠦᠭᠦᠮ ᠪᠠᠢ᠌ᠳᠠᠭ ᠡᠮᠡᠭ᠍ᠳᠡᠢ᠌ᠴᠦᠳ ᠨᠢ ᠡᠭᠦᠨ ᠤ ᠡᠰᠡᠷᠭᠦ ᠪᠠᠷ᠂ ᠳᠡᠷᠯᠢᠭ᠌ ᠶᠢᠡᠨ ᠳᠠᠷᠤᠵᠤ ᠪᠦᠰᠡᠯᠡᠭᠡᠤᠨ ᠢᠳᠡᠷᠭᠦᠨ ᠭᠤᠸᠠᠯᠢᠭ ᠪᠠᠶ᠎ᠠ ᠪᠠᠨ ᠢᠯᠡᠷᠡᠭᠦᠯᠳᠡᠭ᠌ ᠪᠠᠢ᠌ᠨ᠎ᠠ᠃ ᠳᠡᠷᠯᠢᠭ᠌ ᠳᠡᠭᠡᠷ᠎ᠡ ᠪᠦᠰᠡ ᠪᠦᠰᠡᠯᠡᠭᠦ ᠨᠢ ᠮᠤᠷᠢ ᠣᠨᠤᠬᠤ ᠳᠤ ᠮᠤᠷᠢᠨ ᠳᠡᠭᠡᠷ᠎ᠡ ᠪᠠᠶ᠎ᠠ ᠪᠠᠨ ᠯᠠᠪᠳᠠᠭᠤᠨ ᠪᠦᠭᠡᠤᠨ ᠳᠡᠭ᠍ᠰᠢᠭᠡᠨ ᠪᠠᠢ᠌ᠯᠭᠠᠬᠤ ᠶᠢᠨ ᠳᠦᠯᠦᠭᠡ ᠶᠤᠮ᠂ ᠡᠭᠦᠨ ᠤ ᠬᠠᠮᠳᠤ ᠡᠪᠦᠯ ᠳᠡᠭᠡᠨ ᠳᠤᠯᠠᠭᠠᠨ ᠪᠠᠢ᠌ᠵᠤ᠂ ᠵᠤᠨ ᠳᠠᠭᠠᠨ ᠪᠠᠳᠠᠭᠠᠨ᠎ᠠ ᠡᠴᠡ ᠰᠠᠷᠭᠢᠯᠠᠵᠤ ᠴᠢᠳᠠᠨ᠎ᠠ᠃ ᠣᠠᠴᠠ ᠵᠠᠷᠢᠮ ᠣᠷᠤᠨ ᠤ ᠡᠮᠡᠭ᠍ᠳᠡᠢ᠌ᠴᠦᠳ ᠪᠠᠰᠠ ᠳᠡᠷᠯᠢᠭ᠌ ᠡᠮᠦᠰᠭᠦ ᠳᠡᠭᠡᠨ ᠪᠦᠰᠡ ᠪᠦᠰᠡᠯᠡᠳᠡᠭ᠌ ᠦᠭᠡᠶ (ᠪᠦᠰᠡᠭᠦᠢ ᠭᠡᠰᠡᠨ ᠥᠭᠡ ᠡᠭᠦᠨ ᠡᠴᠡ ᠢᠷᠠᠯᠳᠠᠢ)᠃

ᠭᠤᠳᠤᠯ᠄ ᠮᠤᠩᠭ᠋ᠤᠯ ᠭᠤᠳᠤᠯ ᠢ ᠪᠦᠰ ᠭᠤᠳᠤᠯ ᠪᠣᠯᠤᠨ ᠪᠣᠯᠭᠠᠷᠢᠨ ᠭᠤᠳᠤᠯ ᠭᠡᠵᠤ ᠬᠤᠶᠠᠷ ᠵᠣᠢ᠌ᠯ ᠬᠤᠪᠢᠶᠠᠳᠠᠭ᠃ ᠪᠦᠰ ᠭᠤᠳᠤᠯ ᠢ ᠪᠣᠯ ᠵᠤᠵᠠᠭᠠᠨ ᠪᠦᠰ ᠪᠣᠶᠤ ᠹᠠᠠᠪᠣ ᠪᠦᠰ ᠶᠢᠡᠷ ᠭᠢᠳᠡᠭ᠌ ᠪᠣᠯᠬᠤᠷ᠂ ᠡᠮᠦᠰᠭᠦ ᠳᠤ ᠵᠥᠭᠡᠯᠡᠨ ᠮᠥᠷᠳᠡᠭᠡᠨ ᠭᠦᠩᠭᠡᠨ ᠪᠠᠢ᠌ᠳᠠᠭ᠃ ᠪᠣᠯᠭᠠᠷᠢᠨ ᠭᠤᠳᠤᠯ ᠢ ᠪᠣᠯ ᠥᠭᠡᠷ ᠤᠨ ᠠᠷᠠᠰᠤ᠂ ᠮᠤᠷᠢᠨ ᠠᠷᠠᠰᠤ ᠪᠣᠶᠤ ᠡᠯᠵᠢᠭᠡᠨ ᠠᠷᠠᠰᠤ ᠪᠠᠷ ᠭᠢᠳᠡᠭ᠌ ᠪᠣᠯᠬᠤᠷ ᠪᠠᠭᠢᠯᠡᠭ᠌ ᠮᠥᠷᠳᠡᠭᠡᠨ ᠭᠦᠢᠳᠡᠨ ᠪᠠ ᠣᠰᠤ ᠶᠢ ᠰᠡᠷᠭᠡᠢ᠌ᠯᠡᠵᠤ ᠴᠢᠳᠠᠳᠠᠭ᠃ ᠮᠤᠩᠭ᠋ᠤᠯ ᠭᠤᠳᠤᠯ ᠳᠤ ᠡᠭᠡᠳᠡᠩ ᠬᠤᠩᠰᠢᠶᠠᠷ ᠲᠡᠶ ᠭᠤᠳᠤᠯ ᠪᠠᠢ᠌ᠳᠠᠭ᠂ ᠳᠦᠷᠠᠢ ᠳᠡᠭᠡᠷ᠎ᠡ ᠨᠢ ᠶᠡᠷᠦᠳᠡᠭᠡᠨ ᠭᠡ ᠣᠭᠠᠯᠵᠠ ᠲᠡᠶ ᠪᠦᠭᠡᠤᠨ ᠵᠠᠷᠢᠮ ᠨᠢ ᠠᠷᠠᠰᠤᠨ ᠳᠤᠳᠤᠷ ᠲᠡᠶ᠂ ᠵᠠᠷᠢᠮ ᠨᠢ ᠢᠰᠡᠭᠡᠢ ᠳᠤᠳᠤᠷ ᠲᠡᠶ ᠭᠤᠳᠤᠯ ᠴᠤ ᠪᠠᠢ᠌ᠳᠠᠭ᠃ ᠡᠢ᠌ᠮᠤ ᠭᠤᠳᠤᠯ ᠨᠢ ᠠᠭᠤᠵᠢᠭᠤ ᠶᠡᠭᠡ ᠪᠣᠯᠬᠤᠷ ᠭᠦᠪᠦᠩ ᠣᠢ᠌ᠮᠤᠰᠤ ᠪᠣᠶᠤ ᠢᠰᠡᠭᠡᠢ ᠣᠢ᠌ᠮᠤᠰᠤ ᠲᠡᠶ ᠡᠮᠦᠰᠴᠤ ᠪᠣᠯᠤᠨ᠎ᠠ᠃ ᠮᠠᠯᠴᠢᠳ ᠵᠢᠯ ᠤᠨ ᠳᠦᠷᠪᠡᠨ ᠣᠯᠠᠷᠢᠯ ᠳᠤ ᠪᠦᠷ ᠭᠤᠳᠤᠯ ᠡᠮᠦᠰᠦᠭᠡᠤᠨ᠂ ᠮᠤᠷᠢ ᠣᠨᠤᠬᠤ ᠳᠠᠭᠠᠨ ᠱᠠᠭ᠎ᠠ ᠪᠠᠨ ᠬᠠᠮᠠᠭᠠᠯᠠᠵᠤ᠂ ᠵᠤᠨ ᠳᠠᠭᠠᠨ ᠪᠠᠳᠠᠭᠠᠨ᠎ᠠ ᠡᠴᠡ ᠰᠡᠷᠭᠡᠢ᠌ᠯᠡᠵᠤ᠂ ᠡᠪᠦᠯ ᠳᠡᠭᠡᠨ ᠭᠦᠢᠳᠡᠨ ᠡᠴᠡ ᠰᠡᠷᠭᠡᠢ᠌ᠯᠡᠳᠡᠭ᠌ ᠪᠠᠢ᠌ᠨ᠎ᠠ᠃ ᠣᠳᠤ ᠮᠠᠯᠵᠢᠬᠤ ᠣᠷᠤᠨ ᠤ ᠨᠠᠰᠤᠳᠠᠢ᠌ᠴᠤᠳ ᠮᠦᠨ ᠮᠤᠩᠭ᠋ᠤᠯ ᠭᠤᠳᠤᠯ ᠶᠢᠡᠨ ᠡᠮᠦᠰᠭᠦ ᠳᠤᠷᠠᠳᠠᠢ ᠪᠠᠢ᠌ᠬᠤ ᠡᠴᠡ ᠭᠠᠳᠠᠨ᠎ᠠ᠂ ᠵᠠᠯᠠᠭᠤᠴᠤᠳ ᠤᠨ ᠣᠯᠠᠩᠭᠢ ᠨᠢ ᠰᠠᠪᠢᠭᠢᠨ ᠭᠤᠳᠤᠯ ᠡᠮᠦᠰᠭᠦ ᠳᠤᠷᠠᠳᠠᠢ ᠪᠣᠯᠤᠭᠰᠠᠨ ᠪᠠᠢ᠌ᠨ᠎ᠠ᠃

ᠢᠷᠡᠯᠲᠡ᠄ ᠪᠢᠴᠢᠭ᠍ᠰᠡᠨ ᠥᠭᠡᠢ
ᠬᠠᠷᠢᠶ᠎ᠠ᠄ ᠵᠠᠩ ᠤᠢ᠌ᠯᠠ
ᠳᠠᠷᠤᠮ᠄ 13830
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ