☆ ᠮᠸᠢ ᠷᠦᠩ
ᠠᠰᠢᠳᠠ ᠶᠢᠨ ᠭᠡᠰᠢᠭ᠌ - ᠮᠤᠩᠭ᠋ᠤᠯ ᠰᠤᠶᠤᠯ
ᠠᠶᠠᠯᠠᠭᠤᠯᠤᠨ ᠳᠠᠭᠤᠯᠠᠬᠤ ᠡᠴᠡ ᠳᠠᠭᠤᠤ ᠮᠢᠨᠢ ᠮᠤᠩᠭ᠋ᠤᠯ
ᠠᠪᠢᠶᠠᠯᠠᠵᠤ ᠡᠭᠡᠰᠢᠭᠯᠡᠭᠦ ᠡᠴᠡ ᠠᠶᠠᠯᠭᠤ ᠮᠢᠨᠢ ᠮᠤᠩᠭ᠋ᠤᠯ
ᠠᠮᠳᠠᠷᠬᠠᠨ ᠤᠩᠰᠢᠬᠤ ᠡᠴᠡ ᠥᠰᠦᠭ᠌ ᠮᠢᠨᠢ ᠮᠤᠩᠭ᠋ᠤᠯ
ᠠᠢ᠌ᠵᠢᠮᠳᠠᠢ᠌ᠬᠠᠨ ᠴᠤᠭᠢᠯᠠᠬᠤ ᠡᠴᠡ ᠵᠢᠷᠦᠭᠡ ᠮᠢᠨᠢ ᠮᠤᠩᠭ᠋ᠤᠯ
ᠮᠤᠩᠭ᠋ᠤᠯ ᠳᠠᠭᠤᠤ᠂ ᠮᠤᠩᠭ᠋ᠤᠯ ᠥᠰᠦᠭ᠌
ᠮᠥᠩᠭᠡ ᠳᠡᠭ᠍ᠷᠢ ᠶᠢᠨ ᠪᠣᠰᠤᠭ᠎ᠠ ᠰᠤᠶᠤᠯ
ᠮᠤᠩᠭ᠋ᠤᠯ ᠠᠷᠠᠠᠰᠢᠨ᠂ ᠮᠤᠩᠭ᠋ᠤᠯ ᠳᠡᠦᠭᠡ
ᠮᠤᠷᠢᠨ ᠨᠢᠷᠤᠭᠤᠨ ᠳᠡᠭᠡᠷᠡᠭᠢ ᠰᠤᠶᠤᠯ ᠤᠨ ᠣᠠᠳᠤᠷᠤᠯ
ᠡᠨᠡᠷᠢᠵᠤ ᠥᠰᠭᠡᠭ᠍ᠰᠡᠨ ᠮᠤᠩᠭ᠋ᠤᠯ ᠡᠴᠢᠭᠡ ᠶᠠᠷᠤ ᠨᠢ
ᠡᠷᠢᠶᠡᠨ ᠬᠤᠷᠤ ᠡ ᠳᠤ ᠡᠪ ᠢ ᠡᠷᠭᠢᠮᠯᠡ ᠭᠡᠵᠤ ᠯᠠ ᠵᠠᠭᠢᠳᠠᠭ᠃
ᠡᠩᠭᠦᠷᠡᠢ᠌ᠯᠡᠵᠤ ᠬᠠᠢ᠌ᠷᠠᠯᠠᠭᠰᠠᠨ ᠮᠤᠩᠭ᠋ᠤᠯ ᠡᠭᠡ ᠳᠠᠩᠳᠠ ᠯᠠ
ᠡᠪ ᠤᠨ ᠬᠤᠷᠸ᠎ᠡ ᠳᠤ ᠡᠩᠭᠡ ᠶᠢ ᠨᠠᠠᠳᠢᠩᠨᠠ ᠭᠡᠵᠤ ᠯᠠ ᠵᠠᠭᠢᠳᠠᠭ᠃
ᠮᠤᠩᠭ᠋ᠤᠯ ᠡᠴᠢᠭᠡ᠂ ᠮᠤᠩᠭ᠋ᠤᠯ ᠡᠭᠡ᠂
ᠮᠥᠩᠭᠡ ᠳᠡᠭ᠍ᠷᠢ ᠶᠢᠨ ᠠᠮᠢᠳᠤ ᠰᠢᠳᠦᠭᠡᠨ
ᠮᠤᠩᠭ᠋ᠤᠯ ᠰᠤᠷᠭᠠᠯ᠂ ᠮᠤᠩᠭ᠋ᠤᠯ ᠵᠠᠭᠢᠶ᠎ᠠ
ᠮᠤᠩᠳᠠᠰᠢ ᠦᠭᠡᠶ ᠰᠡᠳᠭᠢᠯ ᠤᠨ ᠴᠤᠤᠷᠢᠶ᠎ᠠ
ᠲᠦᠮᠡᠨ ᠠᠭᠳᠠ ᠶᠢᠨ ᠳᠦᠪᠠᠷᠭᠡᠨ ᠶᠢᠡᠷ
ᠳᠦᠭ᠍ᠰᠢᠭᠦ ᠵᠢᠷᠦᠭᠡ ᠪᠠᠨ ᠴᠢᠩᠭ᠋ᠠᠯᠠᠭᠰᠠᠨ
ᠳᠡᠦᠭᠡᠳᠤ ᠤᠳᠦᠮ ᠣᠭᠰᠠᠭᠠᠨ ᠤ ᠮᠢᠨᠢ
ᠳᠦᠷᠤᠯᠭᠢ ᠭᠡᠯᠡᠨ ᠤ ᠰᠢᠳᠢ ᠰᠤᠶᠤᠯ
ᠮᠤᠩᠭ᠋ᠤᠯ ᠮᠤᠷᠢ᠂ ᠮᠤᠩᠭ᠋ᠤᠯ ᠦᠷᠠᠰ
ᠮᠥᠩᠭᠡ ᠳᠠᠩᠷᠢ ᠶᠢᠨ ᠢᠯᠠᠭᠳᠠᠰᠢ ᠦᠭᠡᠶ ᠪᠠᠭᠠᠳᠤᠷ
ᠮᠤᠩᠭ᠋ᠤᠯ ᠭᠡᠯᠡ᠂ ᠮᠤᠩᠭ᠋ᠤᠯ ᠰᠤᠶᠤᠯ
ᠮᠥᠩᠭᠡᠷᠡᠰᠢ ᠦᠭᠡᠶ ᠠᠰᠢᠳᠠ ᠶᠢᠨ ᠭᠡᠰᠢᠭ᠌ ᠡ ︕
ᠵᠤᠬᠢᠶᠠᠭᠴᠢ ᠶᠢᠨ ᠬᠠᠶᠢᠭ ᠄ ᠭᠦᠯᠤᠨ ᠪᠤᠢᠷ ᠬᠤᠳᠠ ᠶᠢᠨ ᠰᠢᠨ᠎ᠠ ᠪᠠᠷᠭᠤ ᠵᠡᠭᠦᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ
ᠵᠤᠬᠢᠶᠠᠭᠴᠢ᠄ ᠮᠸᠢ ᠷᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2011 ᠤᠨ ᠤ 10 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ