☆ ᠵᠢ᠊·ᠠᠩᠭᠢᠷ
ᠰᠥ᠋ ᠰᠢᠭ᠌ ᠡᠭᠡ ᠣᠷᠤᠨ
ᠰᠥ᠋᠂ ᠰᠥ᠋ ᠰᠢᠭ᠌ ᠡᠭᠡ ᠣᠷᠤᠨ
ᠡᠨᠡᠷᠢᠯ ᠶᠢᠡᠷ ᠵᠢᠷᠠᠭᠠᠬᠤ
ᠡᠩᠭᠡ ᠶᠢᠨ ᠪᠦᠦᠪᠠᠢ ᠳᠠᠢ
ᠰᠥ᠋ ᠰᠢᠭ᠌ ᠡᠭᠡ ᠣᠷᠤᠨ ᠳ᠋ᠠᠭᠠᠨ
ᠰᠥ᠋ ᠭᠦᠭᠦᠵᠤ ᠪᠢ ᠢᠷᠡᠭᠦ ᠳ᠋ᠡᠭᠡᠨ
ᠦᠷ᠎ᠡ ᠮᠢᠨᠢ ᠦᠷ᠎ᠡ ᠮᠢᠨᠢ ᠭᠡᠳ ᠳᠤᠰᠤᠭᠠᠤᠨ ᠠᠪᠬᠤ
ᠡᠵᠢ᠂ ᠡᠭᠡ ᠣᠷᠤᠨ ᠬᠤᠶᠠᠷ ᠤᠨ ᠵᠢᠠᠨ
ᠡᠯᠢᠭᠡᠨ ᠳᠡᠭᠡᠷ᠎ᠡ ᠨᠢ ᠳᠤᠮᠤᠭᠠᠵᠢᠭᠰᠠᠨ ᠶᠤᠮ ᠡ︕
ᠳᠤᠭᠤᠨᠤ ᠡᠴᠡ ᠰᠤᠪᠣᠷᠠᠬᠤ ᠨᠠᠷᠠᠨ ᠣᠬᠠᠭᠠᠨ ᠶᠢᠡᠷ ᠨᠢ
ᠳᠤᠮᠤᠭ᠎ᠠ ᠦᠭᠡᠶ ᠭᠡᠨᠡᠨ ᠨᠠᠰᠤ ᠪᠠᠨ ᠰᠥᠯᠡᠭ᠍ᠰᠡᠨ ᠶᠤᠮ ᠡ︕
ᠰᠥ᠋᠂ ᠰᠥ᠋ ᠰᠢᠭ᠌ ᠡᠭᠡ ᠣᠷᠤᠨ
ᠡᠯᠪᠠᠷᠢᠯ ᠶᠢᠡᠷ ᠮᠥᠰᠢᠶᠡᠭᠦ
ᠡᠪ ᠤᠨ ᠵᠠᠶᠠᠭ᠎ᠠ ᠳᠠᠢ
ᠰᠥ᠋ ᠰᠢᠭ᠌ ᠡᠭᠡ ᠣᠷᠤᠨ ᠳ᠋ᠠᠭᠠᠨ
ᠰᠦᠷ ᠨᠠᠮᠠᠵᠤ ᠪᠢ ᠢᠷᠡᠭᠦ ᠳ᠋ᠡᠭᠡᠨ
ᠭᠦᠤ ᠮᠢᠨᠢ᠂ ᠭᠦᠤ ᠮᠢᠨᠢ ᠭᠡᠳ ᠳᠡᠪᠠᠷᠢᠭᠡᠳ ᠠᠪᠬᠤ
ᠠᠪᠣ᠂ ᠠᠷᠠᠤᠨ ᠲᠦᠮᠡᠨ ᠬᠤᠶᠠᠷ ᠤᠨ ᠵᠢᠠᠨ
ᠠᠯᠠᠭᠠᠨ ᠳᠡᠭᠡᠷ᠎ᠡ ᠨᠢ ᠣᠬᠠᠭᠠᠠᠵᠢᠭᠰᠠᠨ ᠶᠤᠮ ᠡ︕
ᠳᠤᠭᠤᠷᠭ᠎ᠠ ᠡᠴᠡ ᠰᠤᠯᠤᠩᠭ᠋ᠠᠷᠠᠬᠤ ᠳᠡᠯᠡᠭᠡᠢ ᠬᠠᠷᠠᠭ᠎ᠠ ᠪᠠᠷ ᠨᠢ
ᠳᠦᠭᠦᠭᠡ ᠦᠭᠡᠶ ᠣᠨᠠᠭᠠᠨ ᠨᠠᠰᠤ ᠪᠠᠨ ᠳᠡᠯᠡᠭ᠍ᠰᠡᠨ ᠶᠤᠮ ᠡ︕
ᠰᠥ᠋᠂ ᠰᠥ᠋ ᠰᠢᠭ᠌ ᠡᠭᠡ ᠣᠷᠤᠨ
ᠠᠴᠢᠯᠠᠯ ᠶᠢᠡᠷ ᠬᠠᠷᠢᠭᠤᠯᠬᠤ
ᠠᠰᠢᠳᠠ ᠶᠢᠨ ᠢᠷᠦᠭᠡᠯ ᠳᠠᠢ
ᠰᠥ᠋ ᠰᠢᠭ᠌ ᠡᠭᠡ ᠣᠷᠤᠨ ᠳ᠋ᠠᠭᠠᠨ
ᠰᠦᠯᠳᠡ ᠲᠦᠰᠢᠵᠤ ᠪᠢ ᠢᠷᠡᠭᠦ ᠳ᠋ᠡᠭᠡᠨ
ᠪᠦᠦᠪᠠᠢ ᠮᠢᠨᠢ᠂ ᠪᠦᠦᠪᠠᠢ ᠮᠢᠨᠢ ᠭᠡᠳ ᠥᠨᠦᠰᠦᠭᠡᠳ ᠠᠪᠬᠤ
ᠳᠡᠦᠭᠡ᠂ ᠡᠭᠡ ᠭᠡᠯᠡ ᠬᠤᠶᠠᠷ ᠤᠨ ᠵᠢᠠᠨ
ᠡᠭᠡᠰᠢᠭ᠌ ᠳᠡᠭᠡᠷ᠎ᠡ ᠨᠢ ᠰᠠᠷᠠᠭᠤᠯᠵᠢᠭᠰᠠᠨ ᠶᠤᠮ ᠡ︕
ᠪᠦᠭᠦᠷᠭᠡ ᠡᠴᠡ ᠡᠭᠢᠯᠡᠭᠦ ᠭᠦᠮᠤᠨ ᠵᠠᠶᠠᠭ᠎ᠠ ᠪᠠᠷ ᠨᠢ
ᠪᠣᠴᠠᠰᠢ ᠦᠭᠡᠶ ᠬᠡᠦᠬᠡᠳ ᠨᠠᠰᠤ ᠪᠠᠨ ᠰᠤᠷᠢᠭᠰᠠᠨ ᠶᠤᠮ ᠡ ︕
ᠰᠥ᠋᠂ ᠰᠥ᠋ ᠰᠢᠭ᠌ ᠡᠭᠡ ᠣᠷᠤᠨ
ᠰᠥ᠋ ᠰᠢᠭ᠌ ᠡᠭᠡ ᠣᠷᠤᠨ ᠮᠢᠨᠢ ᠡ︕
ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3775
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ