ᠨᠡᠪᠲᠡᠷᠡᠨ ᠤᠷᠤᠬᠤ
ᠭᠠᠳᠠ ᠮᠠᠢ᠌ᠷᠠᠨ ᠪᠣᠯ᠁

ᠭᠠᠳᠠ ᠮᠠᠢ᠌ᠷᠠᠨ ᠪᠣᠯ᠁

ᠭᠠᠵᠠᠷ ᠰᠢᠷᠤᠢ ᠡᠴᠡ ᠨᠤᠴᠤᠭᠰᠠᠨ ᠳᠤᠭᠰᠢᠨ ᠭᠢᠯᠢᠩ

ᠭᠠᠭᠴᠠ ᠮᠤᠩᠭ᠋ᠤᠯ ᠶᠢᠡᠷ ᠨᠢᠵᠢᠭᠢᠨᠡᠭ᠍ᠰᠡᠨ ᠭᠦᠭᠡ ᠠᠶᠤᠩᠭ᠋᠎ᠠ

ᠭᠠᠪᠢᠶ᠎ᠠ ᠣᠰᠤᠯ ᠤᠨ ᠳᠡᠮᠳᠡᠭᠯᠡᠯ ᠦᠭᠡᠶ ᠳᠡᠦᠭᠡ ᠶᠢᠨ ᠦᠨᠡᠨ

ᠭᠠᠯ ᠲᠡᠶ ᠭᠡᠯᠡ ᠲᠡᠶ ᠮᠤᠩᠭ᠋ᠤᠯ ᠤᠨ ᠮᠢᠨᠢ ᠭᠠᠯᠪᠢᠷ ᠳᠦᠷᠢ

ᠭᠠᠳᠠ ᠮᠠᠢ᠌ᠷᠠᠨ ᠪᠣᠯ᠁

ᠣᠯᠤᠰ ᠲᠦᠷᠦ ᠶᠢᠨ ᠶᠠᠭᠤᠮᠠᠰ ᠤᠨ ᠣᠬᠤᠷᠢᠭᠰᠠᠨ ᠰᠦᠰᠦ

ᠣᠤᠠᠬ᠎ᠠ ᠣᠷᠠᠯᠢᠭ ᠤᠨ ᠭᠦᠮᠦᠰ ᠤᠨ ᠣᠬᠠᠭᠠᠷᠠᠭᠰᠠᠨ ᠰᠦᠨᠠᠰᠤ

ᠣᠮᠤᠭ ᠵᠤᠷᠢᠭ ᠲᠡᠶ ᠰᠦᠯᠳᠡ ᠶᠢᠨ ᠳᠠᠭᠢᠯ ᠤᠨ ᠣᠩᠭ᠋ᠤᠳ

ᠣᠯᠵᠠ ᠬᠠᠢ᠌ᠭᠰᠠᠨ ᠶᠠᠰᠤ ᠤᠳᠤᠨ ᠣᠷᠪᠠᠭᠰᠠᠨ ᠵᠢᠰᠤ

ᠭᠠᠳᠠ ᠮᠠᠢ᠌ᠷᠠᠨ ᠪᠣᠯ᠁

ᠣᠭᠠᠯᠵᠠᠭᠰᠠᠨ ᠮᠦᠷᠠᠨ ᠤ ᠣᠯᠠᠭᠠᠨ ᠳᠤᠯᠭᠢᠶ᠎ᠠ

ᠣᠷᠪᠠᠭᠰᠠᠨ ᠶᠤᠰᠤᠨ ᠤ ᠦᠨᠡᠨ ᠳᠠᠯᠪᠠᠭ᠎ᠠ

ᠣᠨᠠᠭᠰᠠᠨ ᠳᠡᠷᠢᠭᠦᠨ ᠤ ᠭᠠᠭᠴᠠ ᠭᠦᠡᠳᠦᠴᠡ

ᠣᠬᠠᠭᠠᠷᠠᠭ᠎ᠠ ᠦᠭᠡᠶ ᠨᠠᠢ᠌ᠳᠠ ᠶᠢᠨ ᠪᠦᠭᠦ ᠴᠤᠭᠴᠠᠰ

ᠭᠠᠳᠠ ᠮᠠᠢ᠌ᠷᠠᠨ ᠪᠣᠯ᠁

ᠭᠠᠭᠴᠠ ᠮᠢᠨᠤ ᠭᠡᠯᠡᠭᠦ ᠥᠯᠢᠭᠡᠷ ᠪᠢᠰᠢ

ᠭᠠᠯᠪᠠ ᠳᠡᠦᠭᠡ ᠶᠢᠨ ᠦᠨᠡᠨ ᠳᠤᠤᠯᠢᠰ

ᠭᠠᠷ ᠪᠦᠭᠦᠨ ᠤ ᠴᠢᠳᠠᠭᠰᠠᠨ ᠭᠠᠪᠢᠶ᠎ᠠ ᠪᠢᠰᠢ

ᠭᠠᠯ ᠲᠡᠶ ᠭᠡᠢ᠌ᠮᠦᠷᠢ ᠶᠢᠨ ᠨᠤᠴᠤᠭᠰᠠᠨ ᠳᠤᠰᠤ ᠶᠤᠮ

ᠭᠠᠳᠠ ᠮᠠᠢ᠌ᠷᠠᠨ ᠪᠣᠯ᠁

ᠭᠠᠭᠴᠠ ᠬᠤᠷᠴᠢᠨ ᠤ ᠳᠠᠭᠤᠤ ᠪᠢᠰᠢ

ᠭᠠᠩ ᠲᠡᠶ ᠮᠤᠷᠢᠳᠠᠨ ᠤ ᠳᠦᠷᠢ ᠶᠤᠮ

ᠭᠠᠯ ᠲᠡᠶ ᠡᠯᠡᠰᠤᠨ ᠡᠴᠡ ᠰᠢᠭᠤᠷᠤᠭᠰᠠᠨ

ᠭᠠᠰᠢᠭᠤᠨ ᠰᠡᠭᠦᠷᠡᠰᠤᠨ ᠤ ᠣᠳᠤᠭ᠎ᠠ ᠴᠤ ᠶᠤᠮ

ᠭᠠᠳᠠ ᠮᠠᠢ᠌ᠷᠠᠨ ᠪᠣᠯ᠁

ᠭᠠᠭᠴᠠ ᠳᠡᠷᠢᠭᠦᠨ ᠶᠢᠡᠷ ᠶᠢᠡᠨ ᠭᠠᠯᠪᠠ ᠶᠢ ᠵᠢᠩᠯᠡᠭ᠍ᠰᠡᠨ

ᠳᠡᠯᠡᠭᠡᠢ ᠶᠢᠨ ᠭᠦᠡᠳᠦᠴᠡ

ᠭᠠᠯ ᠲᠡᠶ ᠮᠦᠰᠤ ᠪᠠᠷ ᠶᠢᠡᠨ ᠭᠠᠩ ᠰᠢᠭ᠌ ᠡᠮᠳᠡᠷᠡᠭ᠍ᠰᠡᠨ

ᠳᠠᠯ ᠰᠢᠭ᠌ ᠶᠤᠰᠤ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ