ᠨᠡᠪᠲᠡᠷᠡᠨ ᠤᠷᠤᠬᠤ
ᠬᠠᠢ᠌ᠷᠠᠳᠤ ᠮᠤᠩᠭ᠋ᠤᠯ ᠰᠤᠷᠭᠠᠭᠤᠯᠢ

ᠵᠠᠶᠠᠭ᠎ᠠ ᠨᠠᠢ᠌ᠯᠠᠨ ᠣᠴᠠᠷᠠᠭᠰᠠᠨ

ᠵᠢᠨ ᠪᠣᠤ ᠳᠦᠨ ᠤ ᠪᠠᠭᠰᠢᠨᠠᠷ ᠮᠢᠨᠢ

ᠵᠠᠮ ᠵᠠᠮ ᠶᠢᠠᠷ ᠴᠢᠷᠮᠠᠢ᠌ᠭᠰᠠᠨ ᠢ ᠴᠢᠨᠢ

ᠵᠠᠬ᠎ᠠ ᠡᠴᠠ ᠨᠢ ᠳᠠᠷᠠᠭᠠᠯᠠᠭᠠᠤᠨ ᠳᠤᠭᠠᠴᠢᠶ᠎ᠠ᠃


ᠬᠤᠪᠢ ᠳᠠᠭᠠᠷᠠᠭᠠᠤᠨ ᠵᠤᠯᠭᠠᠭᠰᠠᠨ

ᠬᠤᠳᠠᠯᠠ ᠣᠯᠠᠨ ᠪᠠᠭᠰᠢᠨᠠᠷ ᠮᠢᠨᠢ

ᠭᠦᠮᠤᠨ ᠤ ᠦᠷ᠎ᠡ ᠶᠢ᠌ ᠰᠤᠷᠭᠠᠭᠰᠠᠨ ᠢ ᠴᠢᠨᠢ

ᠬᠤᠯᠪᠣᠭ᠎ᠠ ᠪᠣᠯᠭᠠᠨ ᠮᠠᠭᠳᠠᠶ᠎ᠠ᠃


ᠬᠤᠭᠤᠷ ᠪᠠᠢ᠌ᠭᠰᠠᠨ ᠪᠣᠯ ᠭᠦᠭᠯᠡᠭᠦᠯᠦᠶ᠎ᠡ ᠳ᠋ᠠ

ᠬᠤᠭᠤᠯᠠᠢ ᠰᠠᠢ᠌ᠬᠠᠨ ᠪᠣᠯ ᠬᠠᠩᠭᠢᠨᠠᠭᠤᠯᠤᠶ᠎ᠠ ᠳ᠋ᠠ

ᠬᠤᠶᠠᠭᠤᠯᠠ ᠪᠠᠨ ᠪᠦᠷ ᠪᠣᠯᠬᠤ ᠦᠭᠡᠶ ᠶᠤᠮ ᠴᠢᠨᠢ

ᠬᠤᠯᠪᠣᠭ᠎ᠠ ᠪᠠᠨ ᠳᠠᠨ ᠳᠠᠭᠠᠨ ᠡᠷᠭᠦᠶ᠎ᠡ᠃


ᠪᠦᠭᠦᠳᠡ ᠪᠠᠨ ᠳᠠᠭᠠᠭᠤᠯᠤᠭᠰᠠᠨ ᠪᠦᠷᠢᠠᠵᠢᠷᠭᠠᠯ

ᠪᠦᠰᠡᠭᠦᠢ ᠪᠠᠨ ᠮᠠᠷᠳᠠᠭᠠᠤᠨ ᠴᠢᠷᠮᠠᠢ᠌ᠵᠤ ᠪᠠᠢ᠌ᠨ᠎ᠠ᠂

ᠪᠦᠭᠦᠨ ᠳᠡᠭᠡᠨ ᠭᠦᠷᠢᠶᠡᠯᠡᠯ ᠲ᠋ᠡᠢ ᠪᠦᠭᠡ ᠪᠠᠭᠰᠢ

ᠪᠦᠳᠦᠷᠢᠯ ᠦᠭᠡᠶ ᠠᠵᠢᠯᠯᠠᠵᠤ ᠪᠠᠢ᠌ᠨ᠎ᠠ᠃


ᠪᠣᠳᠤᠯᠭ᠎ᠠ ᠰᠠᠨᠠᠭ᠎ᠠ ᠲᠡᠶ ᠪᠠᠢ ᠴᠢ ᠱᠢ ᠰᠠᠨ

ᠪᠠᠭᠰᠢᠨᠠᠷ ᠶᠢᠡᠨ ᠪᠣᠯᠪᠠᠰᠤᠷᠠᠭᠤᠯᠬᠤ ᠪᠠᠷ ᠶᠠᠭᠠᠷᠠᠵᠤ ᠪᠠᠢ᠌ᠨ᠎ᠠ᠂

ᠪᠠᠶ᠎ᠠ ᠰᠠᠢ᠌ᠳᠠᠢ ᠣᠯᠠᠭᠠᠠᠪᠠᠭᠠᠳᠤᠷ

ᠪᠠᠭᠠᠴᠤᠤᠯ ᠳᠡᠭᠦᠦᠨᠡᠷ ᠶᠢᠡᠨ ᠬᠠᠯᠠᠮᠵᠢᠯᠠᠵᠤ ᠪᠠᠢ᠌ᠨ᠎ᠠ᠃


ᠨᠠᠰᠤ ᠪᠠᠷ ᠵᠠᠯᠠᠭᠤ ᠭᠠᠷᠤᠳᠢ ᠠᠬ᠎ᠠ

ᠨᠢᠺᠧᠯ ᠳᠠᠮᠤᠷ ᠰᠢᠠᠵᠢᠵᠤ ᠪᠠᠢ᠌ᠨ᠎ᠠ᠂

ᠶᠠᠭᠠᠷᠠᠤ ᠵᠠᠩ ᠲᠡᠶ ᠶᠠᠨ ᠮᠸᠢ ᠡᠭᠡᠴᠢ

ᠶᠠᠳᠠᠷᠠᠯ ᠭᠦᠩᠭᠡᠷᠡᠭᠦᠯᠭᠦ ᠪᠠᠷ ᠶᠠᠭᠠᠷᠠᠵᠤ ᠪᠠᠢ᠌ᠨ᠎ᠠ  ᠃


ᠭᠦᠭᠦᠷᠭᠡ ᠪᠣᠯᠤᠭᠰᠠᠨ ᠬᠤ ᠹᠧᠩ ᠯᠠᠨ

ᠬᠣᠢ᠌ᠨ᠎ᠠ ᠡᠮᠤᠨ᠎ᠡ ᠳᠠᠯ᠎ᠠ ᠪᠠᠷ ᠬᠤᠯᠪᠣᠵᠤ ᠪᠠᠢ᠌ᠨ᠎ᠠ᠂

ᠪᠦᠭᠦᠳᠡ ᠳᠤ ᠥᠩᠭᠡ ᠲᠡᠶ ᠪᠠᠭᠠᠨ᠎ᠠ

ᠪᠦᠯᠭᠦᠮᠳᠡᠵᠤ ᠨᠢᠭᠳᠠᠷᠠᠭᠤᠯᠬᠤ ᠪᠠᠷ ᠣᠷᠤᠯᠳᠤᠵᠤ ᠪᠠᠢ᠌ᠨ᠎ᠠ᠃


ᠢᠳᠠ ᠭᠦᠴᠤ ᠳᠡᠢ ᠡᠷᠳᠡᠨᠢᠠᠭᠤᠯᠠ

ᠡᠷᠡᠯᠭᠡᠭ᠌ ᠴᠢᠳᠠᠯ ᠶᠢᠡᠨ ᠭᠠᠷᠭᠠᠵᠤ ᠪᠠᠢ᠌ᠨ᠎ᠠ᠂

ᠡᠭᠡ ᠪᠠᠢ᠌ᠭᠠᠯᠢ ᠶᠢᠨ ᠪᠠᠶᠠᠠᠨᠠᠮᠤᠷ

ᠠᠯᠢᠶ᠎ᠠ ᠰᠤᠷᠤᠭᠴᠢ ᠶᠢ᠌ ᠰᠢᠭᠦᠮᠵᠢᠯᠡᠵᠤ ᠪᠠᠢ᠌ᠨ᠎ᠠ᠃


ᠥᠭᠡ ᠳᠠᠭᠤ ᠴᠥᠭᠡᠨᠳᠡᠢ ᠡᠤ ᠹᠧᠩ ᠶ‍ᠢᠩ

ᠡᠷᠭᠢᠴᠡᠭᠦᠯᠤᠨ ᠨᠢᠭᠳᠠᠯᠠᠨ ᠪᠣᠳᠤᠵᠤ ᠪᠠᠢ᠌ᠨ᠎ᠠ᠂

ᠪᠢᠴᠢᠯᠭᠡ ᠰᠠᠢ᠌ᠳᠠᠢ ᠪᠣᠤ ᠴᠢᠯᠠᠭᠤ

ᠪᠢᠷ ᠠᠳᠬᠤᠭᠠᠤᠨ ᠮᠢᠷᠠᠯᠵᠠᠭᠤᠯᠵᠤ ᠪᠠᠢ᠌ᠨ᠎ᠠ᠃


ᠬᠠᠮᠤᠭ ᠲ᠋ᠠᠭᠠᠨ ᠭᠦᠷᠢᠶᠡᠯᠡᠯ ᠲᠡᠶ ᠬᠠᠰᠪᠠᠭᠠᠨ᠎ᠠ

ᠭᠢᠴᠢᠶᠠᠯ ᠰᠤᠨᠤᠰᠤᠭᠠᠤᠨ ᠰᠠᠠᠳᠤᠷᠴᠤ ᠪᠠᠢ᠌ᠨ᠎ᠠ᠂

ᠡᠷᠭᠢᠯᠡᠭ᠍ᠴᠢ ᠪᠣᠯᠤᠭᠰᠠᠨ ᠡᠷᠳᠡᠨᠢᠪᠠᠳᠤ

ᠢᠳᠠᠷ ᠭᠤᠤ ᠷᠦᠩ ᠶᠢᠡᠨ ᠰᠤᠷᠭᠠᠵᠤ ᠪᠠᠢ᠌ᠨ᠎ᠠ᠃


ᠬᠠᠯᠠᠭᠤᠨ ᠰᠡᠳᠭᠢᠯ ᠳᠠᠢ ᠬᠠᠰᠤᠩᠭ᠋ᠤᠸ᠎ᠠ

ᠬᠠᠮᠤᠭ ᠤᠨ ᠳᠤᠮᠳᠠ ᠪᠠᠨ ᠣᠯᠠᠭᠠᠨ ᠨᠠᠷᠠ᠂

ᠭᠡᠭᠡᠡᠴᠢᠷ ᠳᠦᠷᠦᠭ᠍ᠰᠡᠨ ᠭᠧᠨ ᠶ‍ᠢᠩ

ᠭᠡᠷ ᠤᠨ ᠭᠤᠤᠯ ᠳᠠᠭᠠᠨ ᠭᠡᠭᠡᠨ ᠰᠠᠷᠠ᠃


ᠨᠠᠷᠢᠬᠠᠨ ᠦᠨᠳᠦᠷ ᠨᠠᠰᠤᠠᠪᠠᠶᠠᠷ

ᠨᠠᠷᠠᠨ ᠤ ᠭᠡᠷᠡᠯ ᠢ ᠢᠴᠡᠭᠡᠵᠤ ᠪᠠᠢ᠌ᠨ᠎ᠠ᠂

ᠨᠠᠷᠭᠢᠮ᠎ᠠ ᠵᠠᠯᠠᠭᠤ ᠨᠡᠷᠡᠡᠴᠢᠮᠡᠭ᠌

NO,1 ᠭᠡᠵᠤ ᠨᠤᠮᠯᠠᠵᠤ ᠪᠠᠢ᠌ᠨ᠎ᠠ᠃


ᠵᠢᠷᠤᠭ ᠤᠨ  ᠪᠠᠭᠰᠢ ᠵᠠᠩ ᠶᠦᠩ ᠮᠸᠢ

ᠵᠢᠰᠤᠯᠠᠵᠤ ᠪᠠᠢ᠌ᠭᠠᠤᠨ ᠵᠢᠷᠤᠵᠤ ᠪᠠᠢ᠌ᠨ᠎ᠠ᠂

ᠬᠤᠭᠤᠯᠠᠢ ᠰᠠᠢ᠌ᠨ ᠬᠤᠩ ᠮᠸᠢ

ᠬᠤᠳᠠᠯᠠ ᠶᠢ ᠪᠠᠶᠠᠰᠬᠠᠨ ᠳᠠᠭᠤᠯᠠᠵᠤ ᠪᠠᠢ᠌ᠨ᠎ᠠ᠃


ᠮᠢᠷᠠᠯᠵᠠᠮ᠎ᠠ ᠰᠠᠢ᠌ᠬᠠᠨ ᠮᠸᠢ ᠹᠧᠩ

ᠮᠢ ᠹᠠ᠎ ᠰᠤᠤ ᠯᠠ ᠭᠢᠩᠰᠢᠵᠤ ᠪᠠᠢ᠌ᠨ᠎ᠠ᠂

ᠮᠤᠩᠭ᠋ᠤᠯ ᠳᠠᠭᠠᠨ ᠭᠠᠷᠮᠠᠭᠠᠢ ᠮᠤᠤ ᠪᠠᠭᠠᠳᠤᠷ

ᠮᠤᠩᠭ᠋ᠤᠯ ᠶᠢᠡᠷ ᠰᠢᠯᠦᠭ᠌ ᠣᠩᠰᠢᠵᠤ ᠪᠠᠢ᠌ᠨ᠎ᠠ᠃


ᠠᠷᠠᠵᠠᠨ ᠳᠤ ᠳᠤᠷᠠᠳᠠᠢ ᠠᠴᠢᠳᠤ

ᠠᠢ᠌ᠯ ᠡᠷᠦᠭᠡ ᠪᠠᠷ ᠪᠠᠢ᠌ᠴᠠᠭᠠᠵᠤ ᠪᠠᠢ᠌ᠨ᠎ᠠ᠂

ᠠᠶᠠᠯᠭᠤᠯᠠᠬᠤ ᠳᠤᠷᠠᠳᠠᠢ ᠲᠦᠩ ᠳᠢᠶ‍ᠧ ᠱᠠᠨ

ᠠᠢ᠌ᠵᠠᠮ ᠳᠠᠭᠠᠷᠠᠭᠤᠯᠤᠨ ᠭᠦᠭ᠍ᠵᠢᠮᠳᠡᠵᠤ ᠪᠠᠢ᠌ᠨ᠎ᠠ᠃


ᠰᠠᠢ᠌ᠬᠠᠨ ᠳᠦᠷᠦᠭ᠍ᠰᠡᠨ ᠱᠦᠢ ᠵᠢᠨ

ᠱᠤᠩᠬᠤᠷ ᠤᠨ ᠠᠭᠤᠯᠠᠨ ᠤ ᠭᠤᠷᠭᠤᠤᠯᠳᠠᠢ᠂

ᠣᠷᠠᠯᠢᠭ ᠳᠦᠷᠦᠭ᠍ᠰᠡᠨ ᠢᠤᠢ ᠮᠸᠢ

ᠣᠰᠤᠨ ᠭᠠᠩ ᠤᠨ ᠯᠢᠩᠬᠤᠸ᠎ᠠ᠃


ᠣᠬᠠᠭᠠᠨ ᠰᠠᠨᠠᠭᠠᠳᠠᠢ ᠲᠡᠶ ᠸᠧᠨ ᠬᠤᠧᠨ

ᠦᠰᠦᠭ᠌ ᠪᠢᠴᠢᠵᠤ ᠲ᠋ᠡᠷᠦᠮᠡᠯᠯᠡᠵᠤ ᠪᠠᠢ᠌ᠨ᠎ᠠ᠂

ᠢᠳᠠᠷ ᠵᠠᠯᠠᠭᠤ ᠢᠤᠢ ᠯᠢᠶᠠᠩ

ᠡᠪᠭᠡᠮᠡᠯ ᠲ᠋ᠡᠩᠰᠡ ᠪᠠᠨ ᠪᠦᠷᠢᠳᠭᠡᠵᠤ ᠪᠠᠢ᠌ᠨ᠎ᠠ᠃


ᠦᠷᠤ ᠵᠥᠭᠡᠯᠡᠨ ᠶᠦᠩ ᠴᠢᠤᠸᠠᠨ

ᠦᠷᠦᠭᠡᠯ ᠤᠨ ᠬᠡᠦᠬᠡᠳ ᠢ ᠰᠤᠷᠭᠠᠵᠤ ᠪᠠᠢ᠌ᠨ᠎ᠠ᠂   

ᠵᠣᠢ᠌ᠳᠠᠢ ᠳᠦᠷᠦᠭ᠍ᠰᠡᠨ ᠶᠢᠨ ᠬᠠᠢ

ᠵᠦᠳᠠᠷᠠᠯ ᠶᠢᠡᠨ ᠮᠠᠷᠳᠠᠭᠠᠤᠨ ᠵᠢᠳᠭᠦᠵᠤ ᠪᠠᠢ᠌ᠨ᠎ᠠ᠃


ᠭᠦᠭᠡᠷᠦᠭᠦᠨ ᠰᠠᠢ᠌ᠬᠠᠨ ᠾᠥᠢ ᠮᠢᠨ

ᠭᠢᠳᠠᠤᠨ ᠮᠤᠩᠭ᠋ᠤᠯ ᠶᠢᠡᠷ ᠭᠢᠴᠢᠶᠠᠯᠯᠠᠵᠤ ᠪᠠᠢ᠌ᠨ᠎ᠠ᠂

ᠭᠦᠭ᠍ᠵᠢᠭᠦᠨ ᠵᠠᠩ ᠲᠡᠶ ᠽᠦᠢ ᠶ‍ᠢᠩ

ᠬᠤᠸᠠᠱᠠᠨ ᠬᠠᠳᠤᠨ ᠭᠤᠤᠯ ᠭᠡᠳ ᠵᠢᠭᠠᠵᠤ ᠪᠠᠢ᠌ᠨ᠎ᠠ᠃


ᠪᠣᠵᠠᠭᠠᠢ ᠪᠠᠶ᠎ᠠ ᠲᠡᠶ ᠪᠣᠤ ᠰᠢᠤ ᠯᠠᠨ

ᠪᠦᠮᠪᠦᠭᠡ ᠠᠯᠠᠭᠠᠳᠠᠬᠤ ᠶᠢ᠌ ᠵᠢᠭᠠᠵᠤ ᠪᠠᠢ᠌ᠨ᠎ᠠ᠂   

ᠰᠠᠢ᠌ᠬᠠᠨ ᠪᠠᠶ᠎ᠠ ᠳᠠᠢ ᠰᠠᠢ᠌ᠠᠮᠦᠷᠠᠨ

ᠰᠠᠭᠰᠤᠯᠠᠬᠤ ᠮᠡᠷᠭᠡᠵᠢᠯ ᠰᠤᠷᠭᠠᠵᠤ ᠪᠠᠢ᠌ᠨ᠎ᠠ᠃


ᠵᠠᠭᠤᠢ ᠰᠠᠢ᠌ᠨ ᠭᠦᠮᠤᠨ ᠵᠠᠩ ᠵᠢᠶ‍ᠧ

ᠵᠠᠮ ᠳᠤᠰᠤᠭᠠᠤᠨ ᠭᠡᠴᠡᠭᠦᠳᠡᠵᠤ ᠪᠠᠢ᠌ᠨ᠎ᠠ᠂

ᠭᠤᠪᠠᠢ ᠵᠠᠯᠠᠭᠤ ᠭᠤᠤ ᠶᠦᠨ

ᠭᠤᠷᠪᠠᠨ ᠡᠭᠦᠳᠡ ᠪᠠᠨ ᠬᠠᠰᠢᠵᠤ ᠪᠠᠢ᠌ᠨ᠎ᠠ᠃


ᠳᠦᠪᠯᠡᠭᠦᠨ ᠳᠦᠷᠦᠭ᠍ᠰᠡᠨ ᠳᠤᠶᠠᠭ᠎ᠠ

ᠳᠤᠭ᠎ᠠ ᠪᠠᠨ ᠭᠢᠳᠠᠤᠨ ᠶᠢᠡᠷ ᠵᠢᠭᠠᠵᠤ ᠪᠠᠢ᠌ᠨ᠎ᠠ᠂

ᠪᠣᠯᠪᠠᠷᠠᠢ ᠭᠤᠶᠤᠬᠠᠨ ᠪᠣᠤ ᠰᠢᠤ ᠶ‍ᠢᠩ

ᠪᠦᠭᠦ ᠰᠤᠷᠤᠭᠴᠢ ᠪᠠᠨ ᠳᠠᠪᠳᠠᠭᠤᠯᠵᠤ ᠪᠠᠢ᠌ᠨ᠎ᠠ᠃   


ᠵᠢᠷᠤᠮ ᠰᠠᠢ᠌ᠨ ᠵᠠᠩ ᠴᠦᠨ ᠯᠢᠶᠠᠩ

ᠵᠣᠢ᠌ᠯ ᠤᠨ ᠰᠢᠯᠭᠠᠯᠳᠠ ᠳᠠᠷᠤᠮᠠᠯᠯᠠᠵᠤ ᠪᠠᠢ᠌ᠨ᠎ᠠ᠂

ᠰᠢᠳᠤᠷᠭᠤ ᠵᠠᠩ ᠲᠡᠶ ᠰᠢᠤᠸᠠᠢ ᠮᠢᠨ

ᠰᠠᠴᠤᠷᠠᠭ ᠰᠢᠯᠤᠭᠤᠨ ᠵᠢᠷᠤᠵᠤ ᠪᠠᠢ᠌ᠨ᠎ᠠ᠃


ᠳᠡᠦᠭᠡ ᠵᠢᠭᠠᠳᠠᠭ ᠳᠠ ᠪᠣᠤ ᠯᠢᠶᠠᠩ

ᠳᠠᠮᠤᠵᠢᠨ ᠴᠢᠩᠭᠢᠰ ᠢ ᠮᠠᠭᠳᠠᠵᠤ ᠪᠠᠢ᠌ᠨ᠎ᠠ᠂

ᠳᠠᠮᠢᠷ ᠵᠢᠭᠠᠳᠠᠭ ᠵᠢᠶᠦ᠋ᠨ ᠰᠢ

ᠲᠥᠪ ᠵᠤᠭᠰᠤ ᠭᠡᠵᠤ ᠬᠠᠰᠭᠢᠷᠴᠤ ᠪᠠᠢ᠌ᠨ᠎ᠠ᠃


ᠹᠢᠽᠢᠺ ᠵᠢᠭᠠᠳᠠᠭ ᠱᠤ ᠹᠠᠩ

ᠫᠠᠰᠺᠠᠯ ᠨᠢᠤᠲ᠋ᠦ᠋ᠨ ᠶᠢᠡᠷ ᠭᠡᠮᠵᠢᠵᠤ ᠪᠠᠢ᠌ᠨ᠎ᠠ᠂

ᠭᠢᠮᠢ ᠵᠢᠭᠠᠳᠠᠭ ᠶᠢᠨ ᠷᠦᠩ

ᠭᠦᠴᠢᠯᠳᠦ᠋ᠷᠦᠭ᠍ᠴᠢ ᠡᠦᠰᠦᠳᠦ᠋ᠷᠦᠭ᠍ᠴᠢ ᠰᠤᠳᠤᠯᠵᠤ ᠪᠠᠢ᠌ᠨ᠎ᠠ᠃


ᠮᠠᠯᠮᠠᠢ ᠬᠠᠷ᠎ᠠ ᠮᠦᠴᠢᠷ

My God︕ ᠳᠡᠭ᠍ᠷᠢ ᠭᠡᠵᠤ ᠣᠩᠰᠢᠵᠤ ᠪᠠᠢ᠌ᠨ᠎ᠠ᠂

ᠮᠤᠩᠭ᠋ᠤᠯ ᠳᠠᠭᠠᠨ ᠬᠠᠢ᠌ᠷᠠᠳᠠᠢ ᠮᠤᠤᠦ᠌ᠭᠢᠨ

ᠮᠤᠩ ᠦᠭᠡᠶ ᠰᠤᠷᠤᠭᠴᠢ ᠶᠢ ᠬᠠᠯᠠᠮᠵᠢᠯᠠᠵᠤ ᠪᠠᠢ᠌ᠨ᠎ᠠ᠃


ᠬᠤᠸᠠᠷ ᠴᠡᠴᠡᠭ᠌ ᠰᠢᠭ᠌ ᠬᠤᠸᠠᠨ ᠬᠤᠸᠠᠨ

ᠬᠠᠯᠢᠭᠤᠳᠤ ᠶᠢᠨ ᠰᠠᠷᠠᠨ ᠪᠦᠰᠡᠭᠦᠢ᠂

ᠭᠡᠦᠭᠡᠨ ᠪᠠᠭ᠎ᠠ ᠸᠸᠢ ᠬᠤᠩ

ᠬᠤᠯᠠ ᠶᠢᠨ ᠮᠤᠳᠤᠳᠤ ᠶᠢᠨ ᠠᠪᠠᠭᠠᠢ᠃


ᠠᠯᠤᠰ ᠲᠤ ᠮᠤᠷᠳᠠᠭᠰᠠᠨ ᠡᠡᠯᠳᠡᠡᠴᠢᠮᠡᠭ᠌

ᠦᠪᠡᠷ ᠤᠨ ᠨᠤᠳᠤᠭ ᠳᠠᠭᠠᠨ ᠵᠢᠳᠭᠦᠵᠤ ᠪᠠᠢ᠌ᠨ᠎ᠠ᠂

ᠠᠷᠤ ᠵᠠᠮᠤ ᠶᠢᠨ ᠠᠯᠲᠠᠨ‍ᠴᠡᠴᠡᠭ

ᠠᠩᠭᠢ ᠶᠢᠨ ᠭᠡᠷ ᠶᠢᠡᠨ ᠴᠢᠮᠠᠵᠤ ᠪᠠᠢ᠌ᠨ᠎ᠠ᠃


ᠶᠠᠪᠣᠳᠠᠯ ᠠᠷᠪᠢᠨ ᠶᠦᠩ ᠱᠸᠩ

ᠶᠠᠭᠠᠷᠠᠯ ᠦᠭᠡᠶ ᠪᠢᠴᠢᠵᠤ ᠪᠠᠢ᠌ᠨ᠎ᠠ᠂

ᠭᠠᠠᠵᠤᠭ᠎ᠠ ᠡᠴᠠ ᠢᠷᠡᠭ᠍ᠰᠡᠨ ᠯᠦᠩ ᠵᠢ᠌

ᠭᠠᠭᠴᠠ ᠰᠡᠳᠭᠢᠯ ᠶᠢᠡᠷ ᠨᠠᠢ᠌ᠷᠠᠭᠤᠯᠵᠤ ᠪᠠᠢ᠌ᠨ᠎ᠠ᠃


ᠬᠦᠩᠭᠡᠨ ᠭᠠᠪᠰᠢᠭᠠᠢ ᠸᠠᠩ ᠰᠢᠤ ᠶ‍ᠢᠩ

ᠭᠡᠮᠵᠢᠶ᠎ᠡ ᠳᠠᠭᠠᠷᠠᠭᠤᠯᠵᠤ ᠳᠤᠷᠰᠢᠵᠤ ᠪᠠᠢ᠌ᠨ᠎ᠠ᠂

ᠬᠠᠮᠤᠭ ᠤᠨ ᠪᠠᠭ᠎ᠠ ᠠᠷᠢᠭᠤᠨ

ᠬᠤᠸᠠᠷ ᠴᠡᠴᠡᠭ᠌ ᠣᠷᠠᠯᠠᠵᠤ ᠪᠠᠢ᠌ᠪᠠ᠃


ᠰᠦᠷ ᠶᠡᠭᠡᠳᠡᠢ ᠱᠤᠤ ᠳ᠋ᠧ ᠴᠧᠨ

ᠰᠤᠷᠤᠭᠴᠢ ᠶᠢᠨ ᠪᠠᠢ᠌ᠷᠢ ᠪᠠᠷ ᠳᠤᠭᠤᠷᠢᠵᠤ ᠪᠠᠢ᠌ᠨ᠎ᠠ᠂

ᠰᠤᠷᠳᠤᠭᠤ ᠵᠠᠩ ᠲᠡᠶ ᠰᠤᠶᠤᠯᠳᠤ

ᠰᠦᠨᠢ ᠶᠢᠨ ᠭᠦᠨ ᠵᠢᠵᠢᠭᠦᠷᠯᠡᠵᠤ ᠪᠠᠢ᠌ᠨ᠎ᠠ᠃


ᠴᠤᠪᠣᠭᠤ ᠵᠠᠩ ᠲᠡᠶ ᠴᠢᠤᠸᠠᠨ ᠯᠠᠢ

ᠴᠤᠩᠬᠤ ᠨᠠᠭᠠᠭᠠᠤᠨ ᠰᠠᠠᠳᠤᠷᠴᠤ ᠪᠠᠢ᠌ᠨ᠎ᠠ᠂

ᠴᠠᠭᠠᠨ᠎ᠠ ᠨᠢ ᠰᠠᠭᠤᠭᠰᠠᠨ ᠪᠠᠳᠮ᠎ᠠ

ᠴᠠᠭᠠᠰᠤ ᠡᠷᠢᠭᠡᠳ ᠮᠤᠩᠭ᠋ᠠᠨᠢᠵᠤ ᠪᠠᠢ᠌ᠨ᠎ᠠ᠃


ᠬᠠᠨ ᠣᠪᠣᠭᠳᠤ ᠬᠠᠰᠤᠨᠭᠡᠷᠡᠯ

ᠭᠡᠦᠭᠡᠡᠴᠦᠳ ᠤᠨ ᠪᠠᠢ᠌ᠷᠢ ᠳᠤ ᠠᠵᠢᠯᠯᠠᠵᠤ ᠪᠠᠢ᠌ᠨ᠎ᠠ᠂

ᠬᠠᠮᠤᠭ ᠤᠨ ᠴᠢᠷᠮᠠᠢ᠌ᠯᠳᠠ ᠲᠡᠶ ᠱᠤ ᠵᠢᠶᠦ᠋ᠨ

ᠬᠠᠯᠠᠭᠤᠨ ᠭᠠᠯ ᠶᠢᠠᠨ ᠲᠦᠯᠠᠵᠤ ᠪᠠᠢ᠌ᠨ᠎ᠠ᠃


ᠣᠬᠠᠭᠠᠨ ᠰᠠᠨᠠᠭ᠎ᠠ ᠲᠡᠶ ᠶᠤᠰᠤᠳᠤ

ᠣᠰᠤᠨ ᠤ ᠭᠠᠯ ᠳᠠᠭᠠᠨ ᠶᠠᠭᠠᠷᠠᠵᠤ ᠪᠠᠢ᠌ᠨ᠎ᠠ᠂

ᠡᠪᠦᠭᠡᠨ ᠠᠪᠣ ᠨᠢ ᠪᠣᠤ ᠵᠢᠨ

ᠡᠭᠦᠳᠡᠨ ᠭᠡᠷ ᠶᠢᠡᠨ ᠬᠠᠷᠠᠵᠤ ᠪᠠᠢ᠌ᠨ᠎ᠠ᠃


ᠴᠠᠭᠳᠠᠬᠤ ᠠᠩᠭᠢ ᠶᠢᠨ ᠴᠤᠭᠪᠠᠭᠠᠳᠤᠷ

ᠴᠠᠭᠠᠨ᠎ᠠ ᠨᠠᠭᠠᠨ᠎ᠠ ᠶᠢ᠌ ᠰᠠᠷᠠᠮᠵᠢᠯᠠᠵᠤ ᠪᠠᠢ᠌ᠨ᠎ᠠ᠂

ᠴᠠᠭ ᠵᠠᠢ ᠪᠠᠨ ᠥᠵᠡᠭᠡᠳ

ᠰᠢᠯᠦᠭ᠌ ᠬᠤᠯᠪᠣᠭ᠎ᠠ ᠪᠢᠴᠢᠵᠤ ᠪᠠᠢ᠌ᠨ᠎ᠠ᠃


ᠬᠠᠮᠤᠭ ᠪᠦᠭᠦᠳᠡᠭᠡᠷ ᠴᠢᠷᠮᠠᠢ᠌ᠪᠠᠯ

ᠬᠠᠢ᠌ᠷᠠᠳᠤ ᠮᠤᠩᠭ᠋ᠤᠯ ᠰᠤᠷᠭᠠᠭᠤᠯᠢ ᠮᠢᠨᠢ᠂   

ᠭᠢᠳᠠᠤᠨ ᠤᠨ ᠲ᠋ᠤᠮᠳᠠ ᠭᠦᠭ᠍ᠵᠢᠵᠤ

ᠬᠣᠢ᠌ᠳᠤ ᠬᠤᠰᠢᠭᠤᠨ ᠳᠠᠭᠠᠨ ᠠᠯᠳᠠᠷᠰᠢᠨ᠎ᠠ ᠳ᠋ᠠ ︕


ᠣᠯᠠᠨ ᠪᠦᠭᠦᠳᠡᠭᠡᠷ ᠶᠢᠡᠨ ᠵᠢᠳᠭᠦᠪᠠᠯ

ᠦᠪᠡᠷ ᠤᠨ ᠮᠤᠩᠭ᠋ᠤᠯ ᠰᠤᠷᠭᠠᠭᠤᠯᠢ ᠮᠢᠨᠢ᠂

ᠦᠨᠳᠦᠰᠦᠳᠠᠨ ᠤ ᠰᠤᠷᠭᠠᠨ ᠭᠦᠮᠦᠵᠢᠯ ᠳ᠋ᠤ

ᠦᠨᠢ ᠡᠭᠦᠷᠢᠳᠡ ᠣᠷᠤᠰᠢᠨ᠎ᠠ ᠳ᠋ᠠ ︕


ᠭᠡᠯᠡᠵᠤ ᠶᠠᠷᠢᠭᠰᠠᠨ ᠬᠤᠯᠪᠣᠭ᠎ᠠ ᠮᠢᠨᠢ

ᠭᠦᠰᠡᠯ ᠢ ᠴᠢᠨᠢ ᠬᠠᠩᠭ᠋ᠠᠵᠤ ᠴᠢᠳᠠᠭᠰᠠᠨ ᠦᠭᠡᠶ ᠪᠣᠯ

ᠬᠤᠵᠢᠮ ᠴᠢᠯᠦᠭᠡ ᠣᠯᠳᠠᠪᠠᠯ

ᠭᠦᠭ᠍ᠵᠢᠮ ᠳᠠᠭᠠᠷᠠᠭᠤᠯᠵᠤ ᠳᠠᠭᠤᠯᠠᠶ᠎ᠠ ︕


ᠡᠭᠢᠯᠡᠵᠤ ᠭᠡᠯᠡᠭ᠍ᠰᠡᠨ ᠢᠷᠦᠭᠡᠯ ᠮᠢᠨᠢ

ᠡ᠊ᠨᠳᠡ ᠭᠦᠷᠦᠭᠡᠳ ᠳᠡᠭᠦᠰᠦᠯ᠎ᠡ᠂

ᠡᠷᠭᠢᠭᠡᠳ ᠵᠠᠪ ᠭᠠᠷᠪᠠᠯ

ᠡᠭᠡᠰᠢᠭ᠌ ᠨᠡᠢ᠌ᠯᠡᠭᠦᠯᠵᠤ ᠮᠠᠭᠳᠠᠶ᠎ᠠ ︕


ᠵᠤᠬᠢᠶᠠᠭᠴᠢ ᠶᠢᠨ ᠬᠠ‍‌ᠶᠢᠭ ᠄ ᠳᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠵᠢᠨ ᠪᠣᠤ ᠲᠦᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠤᠭᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2871
ᠴᠠᠭ᠄ 2012 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ