☆ ᠪᠠᠶᠠᠭᠤᠳ·ᠳᠡᠭᠦᠦᠵᠡᠶᠠᠭ᠎ᠠ
ᠡᠴᠢᠭᠡ ᠮᠢᠨᠢ ᠰᠤᠨᠤᠷᠳᠠᠨ ᠪᠠᠶᠠᠰ ᠡ
ᠠᠯᠮᠠᠢ ᠪᠠᠭ᠎ᠠ ᠨᠠᠰᠤ ᠪᠠᠨ ᠬᠠᠭᠤᠴᠢᠨ ᠨᠡᠢ᠌ᠭᠡᠮ ᠳᠤ ᠥᠩᠭᠡᠷᠡᠭᠡᠵᠤ
ᠠᠷᠠᠢ ᠴᠢᠮᠠᠢ ᠠᠮᠢᠳᠤᠷᠠᠯ ᠢ ᠥᠩᠭᠡᠷᠡᠭᠡᠵᠤ ᠶᠠᠪᠣᠭᠰᠠᠨ ᠴᠤ
ᠠᠷᠪᠠ ᠭᠠᠷᠳᠠᠯ᠎ᠠ ᠡᠮᠡᠭᠡ ᠶᠢ ᠭᠦᠭᠦᠵᠤ
ᠠᠷᠳᠠᠭ ᠳᠠᠩᠭᠢ ᠥᠰᠦᠭ᠍ᠰᠡᠨ ᠣᠤᠠᠬᠤᠨ ᠭᠦᠤ ᠨᠢ ᠮᠢᠨᠤ ᠠᠪᠣ᠃
ᠠᠷᠪᠠᠨ ᠭᠤᠷᠪᠠᠨ ᠨᠠᠰᠤᠨ ᠳᠤ ᠪᠠᠨ ᠡᠷᠭᠡ ᠴᠢᠯᠦᠭᠡ ᠣᠯᠵᠤ
ᠠᠵᠠ ᠵᠢᠷᠭᠠᠯ ᠡᠳ᠋ᠯᠡᠭ᠍ᠰᠡᠨ ᠴᠤ
ᠠᠷᠠᠤᠨ ᠤᠨ ᠰᠤᠷᠭᠠᠭᠤᠯᠢ ᠳᠤ ᠭᠤᠷᠪᠠᠬᠠᠨ ᠵᠢᠯ ᠰᠠᠭᠤᠭᠠᠤᠨ
ᠠᠷᠴᠢᠭᠤᠷ ᠬᠠᠳᠤᠭᠤᠷ ᠲᠡᠶ ᠨᠤᠴᠤᠯᠳᠤᠭᠰᠠᠨ
ᠠᠢ᠌ᠯ ᠤᠨ ᠶᠢᠡᠨ ᠨᠢᠭᠡᠨ ᠳᠠᠷᠢᠶᠠᠴᠢᠨ ᠮᠢᠨᠤ ᠠᠪᠣ᠃
ᠭᠦᠳᠡᠯᠮᠦᠷᠢ ᠭᠢᠯᠭᠡᠵᠤ ᠪᠠᠶᠠᠵᠢᠨ᠎ᠠ ᠭᠡᠵᠤ
ᠭᠢᠴᠢᠶᠠᠯ ᠰᠤᠷᠤᠯᠭ᠎ᠠ ᠡᠴᠠ ᠨᠢ ᠵᠤᠭᠰᠤᠭᠠᠭᠰᠠᠨ
ᠭᠢᠯᠢᠩ ᠶᠡᠭᠡᠳᠡᠢ ᠠᠬ᠎ᠠ ᠳᠤ ᠪᠠᠨ
ᠨᠠᠰᠤ ᠪᠠᠷ ᠶᠢᠡᠨ ᠭᠤᠮᠤᠳᠠᠭᠰᠠᠨ ᠮᠢᠨᠤ ᠠᠪᠣ᠃
ᠪᠠᠢ᠌ᠰᠠ ᠶᠢᠨ ᠰᠦᠮ᠎ᠡ ᠶᠢᠨ ᠪᠢᠴᠢᠭᠡᠴᠢ
ᠪᠢᠯᠢᠭ᠌ ᠣᠶᠤᠨ ᠲᠡᠶ ᠨᠠᠭᠠᠴᠤ ᠡᠪᠦᠭᠡ ᠡᠴᠠ ᠪᠠᠨ
ᠪᠢᠴᠢᠭ᠌ ᠰᠤᠶᠤᠯ ᠶᠢᠡᠨ ᠰᠡᠯᠪᠢᠭ᠍ᠰᠡᠨ ᠡᠴᠠ
ᠪᠢᠳᠡᠭᠦᠤ ᠮᠤᠩᠬᠠᠭ ᠳᠠᠷᠢᠭᠢ ᠶᠢ ᠮᠢᠨᠢ
ᠪᠢᠯᠡᠭᠦᠳᠡᠵᠤ ᠬᠤᠷᠴᠠᠯᠠᠵᠤ ᠶᠠᠪᠣᠭᠰᠠᠨ
ᠵᠢᠷ ᠤᠨ ᠨᠢᠭᠡᠨ ᠬᠤᠨᠢᠴᠢᠨ ᠮᠢᠨᠤ ᠠᠪᠣ᠃
ᠬᠡᠦᠬᠡᠳ ᠰᠢᠤᠠᠬᠤᠨ ᠲᠡᠶ ᠪᠠᠨ
ᠦᠶ᠎ᠡ ᠵᠠᠢ ᠦᠭᠡᠶ ᠢᠨᠢᠶᠠᠳᠤᠮ ᠱᠤᠭ ᠭᠠᠷᠭᠠᠵᠤ
ᠭᠦᠭᠢᠨ ᠪᠠᠶᠠᠰᠴᠤ ᠵᠢᠷᠭᠠᠵᠤ ᠴᠡᠩᠭᠡᠵᠤ
ᠭᠡᠢ᠌ᠮᠦᠷᠢ ᠰᠦᠯᠳᠡ ᠪᠠᠨ ᠰᠡᠷᠭᠦᠭᠡᠵᠤ ᠶᠠᠪᠣᠭᠰᠠᠨ
ᠭᠦᠳᠡᠭᠡ ᠶᠢᠨ ᠨᠢᠭᠡᠨ ᠮᠠᠯᠴᠢᠨ ᠮᠢᠨᠤ ᠠᠪᠣ᠃
ᠨᠣᠢ᠌ᠷ ᠲᠤ ᠪᠠᠨ ᠳᠠᠷᠤᠭᠳᠠᠵᠤ
ᠨᠠᠷᠠ ᠭᠠᠷᠳᠠᠯ᠎ᠠ ᠣᠠᠳᠠᠭᠠᠤᠨ
ᠡᠵᠢ ᠳᠤ ᠵᠢᠮᠯᠡᠭ᠍ᠳᠡᠭ᠍ᠰᠡᠨ ᠴᠤ
ᠥᠭᠡᠳᠡ ᠡᠴᠠ ᠨᠢ ᠢᠨᠢᠶᠡᠴᠢᠭᠡᠳᠡᠭ᠌
ᠨᠤᠮᠤᠬᠠᠨ ᠰᠡᠷᠭᠦᠯᠡᠭ᠌ ᠮᠢᠨᠤ ᠠᠪᠣ᠃
ᠨᠤᠬᠠᠢ ᠮᠤᠷᠢᠨ ᠳᠤ ᠪᠠᠨ ᠡᠭᠡᠯᠢᠳᠡᠢ
ᠨᠤᠶᠠᠨ ᠪᠠᠢ᠌ᠭᠠᠯᠢ ᠳᠤ ᠪᠠᠨ ᠬᠠᠢ᠌ᠷᠠᠳᠠᠢ
ᠨᠤᠳᠤᠭ ᠣᠰᠤᠨ ᠳᠤ ᠪᠠᠨ ᠬᠤᠷᠢᠨ ᠭᠡᠳᠤᠨ ᠵᠢᠯ ᠳᠠᠷᠤᠭᠠᠯᠠᠵᠤ
《ᠨᠤᠶᠠᠨ》 ᠵᠡᠷᠭᠡ ᠵᠡᠭᠦᠵᠤ ᠶᠠᠪᠣᠬᠤ ᠳᠤ ᠪᠠᠨ
ᠨᠤᠷᠭᠢᠬᠤ ᠪᠣᠷᠤᠭ᠎ᠠ ᠰᠢᠭ ᠴᠢᠮᠡᠭᠡ ᠠᠨᠢᠷ ᠥᠭᠡᠢ
ᠨᠤᠷ᠎ᠠ ᠡᠯᠡᠰᠤᠨ ᠳᠤ ᠪᠠᠨ ᠰᠢᠮᠠᠳᠴᠤ ᠶᠠᠪᠣᠭᠰᠠᠨ
ᠨᠠᠮ ᠤᠨ ᠭᠡᠰᠢᠭᠦᠨ ᠤ ᠨᠢᠭᠡ ᠮᠢᠨᠤ ᠠᠪᠣ᠃
ᠠᠪᠠ ᠳᠤ ᠪᠠᠨ ᠮᠤᠷᠳᠠᠪᠠᠴᠤ ᠠᠷᠠᠤᠨ ᠤᠨ ᠳᠠᠭᠤᠤ ᠳᠠᠢ
ᠠᠳᠤᠭᠤ ᠪᠠᠨ ᠬᠠᠷᠢᠭᠤᠯᠪᠠᠴᠤ ᠠᠷᠠᠤᠨ ᠤᠨ ᠳᠠᠭᠤᠤ ᠳᠠᠢ
ᠠᠷᠤ ᠶᠢᠨ ᠮᠠᠩᠬ᠎ᠠ ᠪᠠᠨ ᠭᠡᠳᠦᠯᠪᠠᠴᠤ ᠠᠷᠠᠤᠨ ᠤᠨ ᠳᠠᠭᠤᠤ ᠳᠠᠢ
ᠠᠷᠠᠤᠨ ᠤᠨ ᠳᠠᠭᠤᠤ ᠲᠡᠶ ᠪᠠᠨ ᠬᠠᠮᠳᠤ ᠠᠮᠢᠳᠤᠷᠠᠭᠰᠠᠨ
ᠨᠠᠷᠠ ᠦᠭᠡᠶ ᠳᠠᠭᠤᠴᠢᠨ ᠮᠢᠨᠤ ᠠᠪᠣ
ᠳᠠᠩ ᠰᠦᠩ ᠤᠨ ᠦᠯᠢᠭᠡᠷ ᠡᠴᠠ
《ᠭᠦᠭᠡ ᠰᠤᠳᠤᠷ》᠂ 《ᠵᠠᠩᠭ᠋ᠠᠷ》᠂ 《ᠭᠡᠰᠡᠷ》 ᠭᠡᠵᠤ
ᠭᠦᠷᠦᠭ᠌ ᠳᠦᠷᠢ᠂ ᠭᠦᠯᠦᠭ᠌ ᠮᠤᠷᠢ᠂ ᠭᠦᠴᠦᠳᠤ ᠵᠡᠪᠰᠡᠭ᠌ ᠲᠡᠶ ᠨᠢ
ᠳᠤᠷᠠᠯ ᠦᠭᠡᠶ ᠴᠡᠭᠡᠵᠢᠯᠡᠭᠡᠳ ᠳᠤᠷᠴᠢᠭᠢᠨᠠᠳᠠᠯᠠ ᠭᠡᠯᠡᠳᠡᠭ᠌
ᠨᠢᠳᠠᠷ ᠦᠭᠡᠶ ᠬᠤᠭᠤᠷᠴᠢᠨ ᠮᠢᠨᠤ ᠠᠪᠣ᠃
ᠭᠦᠮᠤᠨ ᠰᠢᠮᠨᠤ ᠨᠢ ᠳᠠᠨᠢᠭᠳᠠᠬᠤ ᠦᠭᠡᠶ ᠴᠦᠪ ᠤᠨ ᠴᠠᠭ ᠳᠤ
ᠭᠦᠷᠦᠩᠭᠡ ᠪᠣᠯᠤᠭᠰᠠᠨ ᠨᠢᠭᠡ ᠵᠤᠭᠤᠷᠢ ᠨᠤᠮ ᠳᠠᠪᠳᠠᠷ ᠵᠢᠠᠨ
ᠬᠤᠭᠤᠰᠤᠷᠠᠳᠠᠯ᠎ᠠ ᠭᠠᠯᠳᠠᠭᠤᠯᠤᠭᠠᠤᠨ
ᠬᠤᠭᠤᠯᠠ ᠬᠤᠰᠢ ᠦᠭᠡᠶ ᠵᠤᠪᠠᠵᠤ ᠰᠢᠨᠠᠯᠵᠤ ᠭᠡᠷᠡᠭ᠌ ᠨᠥᠮᠦᠷᠢᠭ᠍ᠰᠡᠨ
ᠮᠤᠬᠤᠰᠢ ᠦᠭᠡᠶ ᠮᠤᠩᠭ᠋ᠤᠯ ᠭᠦᠮᠤᠨ ᠤ ᠦᠷᠠᠰ ᠤᠨ ᠨᠢᠭᠡ ᠮᠢᠨᠤ ᠠᠪᠣ᠃
ᠡᠴᠦᠰᠯᠡᠭᠦ ᠶᠢᠨ ᠶᠢᠡᠨ ᠡᠮᠤᠨ᠎ᠡ
ᠡᠨᠡ ᠨᠠᠰᠤᠨ ᠤ ᠪᠠᠨ ᠡ᠊ᠨᠳᠡᠵᠤ ᠣᠯᠤᠭᠰᠠᠨ ᠶᠢᠡᠨ ᠳᠤᠩᠭ᠋ᠠᠵᠤ
ᠦᠷ᠎ᠡ ᠬᠡᠦᠬᠡᠳ ᠲᠤ ᠪᠠᠨ
ᠣᠬᠠᠭᠠᠨ ᠶᠢᠡᠨ ᠰᠠᠭᠤᠯᠭᠠᠵᠤ ᠬᠤᠴᠤᠷᠭᠠᠭᠰᠠᠨ ᠮᠢᠨᠤ ᠠᠪᠣ᠃
ᠨᠠᠪᠴᠢᠨ ᠳᠠᠮᠠᠭᠢ ᠳ᠋ᠤ
ᠠᠭᠤᠰᠭᠢ ᠵᠢᠷᠦᠭᠡ ᠪᠠᠨ ᠬᠤᠤᠷᠳᠠᠭᠤᠯᠤᠭᠠᠤᠨ
ᠨᠢ᠋ᠮᠠᠨ ᠬᠡᠦᠬᠡᠳ ᠶᠢᠡᠨ ᠠᠷᠤ ᠳᠤ ᠪᠠᠨ ᠬᠠᠶᠠᠵᠤ
ᠨᠠᠯᠠᠷᠬᠠᠭᠠᠤᠨ ᠶᠠᠪᠣᠯ᠎ᠠ᠃
ᠳᠠᠯᠠᠨ ᠨᠠᠰᠤ ᠪᠠᠨ ᠠᠷᠠᠢ ᠭᠡᠳᠦᠯᠵᠤ
ᠳᠠᠯᠳᠠ ᠣᠷᠤᠵᠤ ᠮᠠᠨᠤᠰ ᠡᠴᠠ ᠬᠠᠭᠠᠴᠠᠭᠠᠤᠨ
ᠳᠠᠯᠠᠢ ᠪᠠᠶᠠᠨ ᠦᠯᠢᠭᠡᠷ ᠳᠤᠮᠤᠭ ᠤᠨ ᠣᠭᠤᠳᠠ ᠪᠠᠨ
ᠳ᠋ᠸᠪᠠᠵᠠᠨ ᠳᠤ ᠡᠭᠦᠷᠦᠭᠡᠳ ᠶᠠᠪᠣᠯ᠎ᠠ᠃
ᠡᠷᠯᠢᠭ᠌ ᠤᠨ ᠳᠠᠷᠠ ᠣᠷᠳᠤᠨ ᠨᠢ
ᠡᠳᠦᠷ ᠶᠢᠡᠷ ᠬᠠᠷᠠᠩᠭ᠋ᠤᠢ ᠭᠡᠳᠡᠭ᠌ ᠶᠤᠮ ᠡ᠂
ᠦᠪᠡᠷ ᠤᠨ ᠳᠤᠷ᠎ᠠ ᠲᠡᠶ ᠳᠠᠭᠤᠤ ᠪᠠᠨ
ᠳᠠᠭᠤᠯᠠᠵᠤ ᠳᠡᠢ᠌ᠯᠳᠡᠭ᠌ ᠴᠤ ᠪᠣᠯᠪᠠᠤ ᠳ᠋ᠠ ᠠᠪᠣ ᠮᠢᠨᠢ ᠡ᠃
ᠭᠦᠭᠡ ᠪᠣᠬ᠎ᠠ ᠲᠡᠶ ᠬᠠᠭᠠᠨ ᠨᠢ
ᠭᠡᠴᠡᠭᠦᠤ ᠠᠶᠤᠮᠠᠷ ᠭᠡᠳᠡᠭ᠌ ᠶᠤᠮ ᠡ᠂
《ᠭᠦᠭᠡ ᠰᠤᠳᠤᠷ》 ᠊ᠤᠨ ᠦᠯᠢᠭᠡᠷ ᠵᠢᠠᠨ
ᠭᠡᠯᠡᠵᠤ ᠴᠢᠳᠠᠳᠠᠭ ᠴᠤ ᠪᠣᠯᠪᠠᠤ ᠳ᠋ᠠ ᠠᠪᠣ ᠮᠢᠨᠢ ᠡ᠁
ᠠᠴᠢ ᠵᠢᠭᠡ ᠶᠢᠨ ᠶᠢᠡᠨ ᠣᠶᠤᠳᠠᠨ ᠪᠣᠯᠬᠤ ᠳᠠᠷᠠ ᠡᠳᠦᠷ ᠢ
ᠡᠪᠡᠳᠴᠢᠨ ᠲᠡᠶ ᠪᠠᠶ᠎ᠠ ᠮᠢᠨᠢ ᠭᠦᠯᠢᠶᠡᠵᠤ ᠳᠡᠢ᠌ᠯᠳᠡᠭ᠌ ᠪᠣᠯᠪᠠᠤ ᠭᠡᠵᠤ
ᠡᠳᠦᠷᠵᠢᠨ ᠰᠦᠨᠢᠵᠢᠨ ᠶᠠᠷᠢᠵᠤ ᠡᠩᠰᠡᠷᠡᠳᠡᠯ᠎ᠡ ᠵᠤᠪᠠᠵᠤ ᠭᠦᠯᠢᠶᠡᠭ᠍ᠰᠡᠨ ᠴᠤ
ᠡᠷᠯᠢᠭ᠌ ᠤᠨ ᠡᠯᠴᠢᠨ ᠳᠤ ᠬᠠᠢ᠌ᠷ᠎ᠠ ᠨᠠᠢ᠌ᠷ ᠥᠭᠡᠢ
ᠠᠮᠢ ᠨᠠᠰᠤ ᠪᠠᠨ ᠪᠣᠯᠢᠶᠠᠭᠳᠠᠭᠠᠤᠨ ᠶᠠᠪᠣᠭᠰᠠᠨ ᠠᠪᠣ ᠮᠢᠨᠢ ᠡ
ᠥᠩᠭᠡᠷᠡᠨ ᠣᠳᠤᠭᠰᠠᠨ ᠳᠠᠪᠤᠨ ᠵᠢᠯ ᠤᠨ ᠴᠢᠨᠢ ᠳᠤᠳᠤᠷ᠎ᠠ
ᠦᠷ᠎ᠡ ᠶᠢᠨ ᠴᠢᠨᠢ ᠦᠷ᠎ᠡ ᠡᠴᠠ ᠳᠠᠪᠤᠨ ᠣᠶᠤᠳᠠᠨ ᠭᠠᠷᠤᠭᠰᠠᠨ ᠢ
ᠡᠴᠢᠭᠡ ᠶᠢᠨ ᠪᠠᠶᠠᠷ ᠤᠨ ᠡᠨᠡ ᠡᠳᠦᠷ ᠢ ᠲᠤᠬᠢᠶᠠᠯᠳᠤᠭᠤᠯᠤᠨ
ᠦᠬᠢᠨ ᠴᠢᠨᠢ ᠪᠢ ᠡᠨᠡ ᠶᠢᠷᠳᠢᠠᠴᠤ ᠡᠴᠠ
ᠡᠪᠦᠳᠦᠭ᠌ ᠢ ᠴᠢᠨᠢ ᠳᠠᠪᠠᠷᠢᠨ ᠮᠦᠷᠭᠦᠨ ᠮᠦᠷᠭᠦᠨ ᠮᠡᠳᠡᠭᠦᠯᠵᠤ ᠪᠠᠢ᠌ᠨ᠎ᠠ᠂
ᠶᠢᠰᠤᠨ ᠪᠣᠯᠠᠭ ᠤᠨ ᠳᠤᠤᠷ᠎ᠠ ᠡᠴᠠ
ᠭᠡᠭᠡᠨ ᠰᠦᠨᠠᠰᠤᠨ ᠳᠤ ᠪᠠᠨ ᠳᠤᠯᠢᠯᠠᠨ ᠰᠤᠨᠤᠷᠳᠠ ᠠᠪᠣ ᠮᠢᠨᠢ︕
ᠳᠤᠯᠢᠯᠠᠨ ᠳᠤᠯᠢᠯᠠᠨ ᠪᠠᠶᠠᠰᠤᠨ ᠰᠤᠨᠤᠷᠳᠠ ᠡᠴᠢᠭᠡ ᠮᠢᠨᠢ ᠡ︕
ᠵᠤᠬᠢᠶᠠᠭᠴᠢ ᠶᠢᠨ ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ·ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ