☆ ᠱ·ᠭᠦᠭᠡᠮᠥ᠋ᠴᠢᠷ
ᠬᠠᠢ᠌ᠷ᠎ᠠ ᠮᠢᠨᠢ ᠳᠠᠩᠳᠠ ᠴᠢᠮ᠎ᠠ ᠶᠢ ᠳᠤᠷᠠᠰᠤᠨ᠎ᠠ
᠊᠊᠊᠊᠊᠊᠊᠊᠊᠊᠊᠊᠊᠊᠊ ᠣᠶᠤᠳᠠᠨ ᠶᠠᠪᠣᠭ᠎ᠠ ᠳᠠᠷᠠ ᠨᠢᠭᠡᠨ ᠭᠡᠦᠭᠡᠨ ᠳᠤ
ᠦᠷ ᠭᠡᠭᠡ ᠳᠡᠭ᠍ᠷᠢ ᠰᠣᠢ᠌ᠯᠠᠵᠤ
ᠣᠯᠠᠢ᠌ᠭᠰᠠᠨ ᠠᠳᠤᠭᠤᠳ ᠴᠤᠭᠯᠠᠷᠠᠬᠤ ᠰᠢᠭ
ᠣᠳᠤᠳ ᠰᠡᠭᠦᠯ ᠶᠢᠡᠨ ᠬᠤᠷᠢᠶᠠᠬᠤ ᠳ᠋ᠤ
ᠡᠪᠦᠷ ᠲᠤ ᠮᠢᠨᠢ ᠴᠢ ᠳᠠᠩᠳᠠ
ᠪᠣᠳᠤᠯ ᠬᠤᠨᠤᠭᠠᠵᠤ ᠭᠡᠪᠳᠡᠨ᠎ᠡ᠃
ᠰᠢᠷᠢᠯᠳᠦᠭ᠍ᠰᠡᠨ ᠬᠠᠷ᠎ᠠ ᠭᠡᠵᠢᠭᠡ ᠰᠢᠭ᠌
ᠰᠦᠨᠢ ᠶᠢᠨ ᠬᠠᠭᠢᠷ ᠮᠠᠨᠠᠭᠠᠨ ᠳ᠋ᠤ
ᠲ᠋ᠠᠷᠠ ᠣᠶᠠᠰᠳᠠᠯᠠ ᠥᠭᠦᠭᠡᠷᠯᠡᠵᠤ
ᠲ᠋ᠡᠷᠭᠡᠳᠡ ᠮᠢᠨᠢ ᠴᠢ ᠳᠠᠩᠳᠠ
ᠵᠡᠭᠦᠳᠦ ᠮᠠᠨᠠᠭᠠᠵᠤ ᠬᠤᠨᠤᠨ᠎ᠠ᠃
ᠪᠢᠴᠢᠭ᠌ ᠤᠨ ᠳᠦᠷᠪᠠᠯᠵᠢᠨ ᠰᠢᠷᠡᠭᠡᠨ ᠳ᠋ᠡᠭᠡᠨ
ᠭᠠᠷ ᠳᠤᠭᠣᠢ᠌ᠯᠠᠨ ᠰᠠᠭᠤᠵᠤ
ᠨᠠᠢ᠌ᠷᠠᠭ ᠴᠠᠭᠠᠨ ᠵᠦᠷᠢᠭ᠌ ᠵᠢᠠᠷ
ᠥᠵᠦᠭ᠌ ᠵᠢᠷᠤᠭᠠᠯᠭᠠᠵᠤ ᠡᠭᠢᠯᠡᠭᠦ ᠳᠤ
ᠨᠠᠷᠠ ᠴᠢᠨᠢ ᠳᠠᠩᠳᠠ
ᠪᠢᠷ ᠤᠨ ᠠᠶ᠎ᠠ ᠪᠠᠷ ᠳᠠᠳᠠᠯᠠᠵᠤ ᠵᠢᠷᠤᠭᠳᠠᠨᠠ᠃
ᠣᠭᠤᠷᠠᠭ ᠨᠠᠷᠠ ᠳᠠᠢ
ᠰᠢᠷᠭᠠᠯ ᠡᠳᠦᠷ ᠤᠨ ᠣᠷᠳᠤᠬᠠᠨ ᠪᠣᠷᠤ
ᠠᠮᠢᠰᠬᠤᠭ᠎ᠠ ᠳᠠᠩᠨᠠᠵᠤ
ᠡᠳᠦᠷᠴᠢᠨ ᠴᠢᠮ᠎ᠠ ᠲᠡᠶ ᠪᠠᠨ ᠵᠠᠩᠭᠢᠴᠠᠬᠤ ᠳ᠋ᠤ
ᠣᠯᠠᠨ ᠰᠢᠪᠠᠭᠤᠳ ᠤᠨ ᠵᠢᠷᠭᠢᠭᠡ ᠭᠦᠷᠳᠡᠯ᠎ᠡ
ᠴᠢᠯᠡᠭᠡ ᠳᠠᠢ᠌ᠯᠠᠵᠤ ᠴᠡᠴᠡᠭᠯᠡᠨ᠎ᠡ᠃
ᠣᠷᠤᠰᠬᠠᠯ ᠭᠤᠤᠯ ᠬᠠᠯᠭᠢᠯᠠᠨ ᠱᠤᠤᠭᠢᠵᠤ
ᠬᠤᠨᠤᠭ ᠥᠡᠵᠢᠭᠦᠳᠡ ᠪᠣᠷᠤᠭᠠᠯᠠᠬᠤ ᠳ᠋ᠤ
ᠳᠤᠷᠰᠤᠯ ᠬᠠᠯᠠᠭᠤᠬᠠᠨ ᠬᠠᠢ᠌ᠷ᠎ᠠ ᠪᠠᠨ
ᠲ᠋ᠠᠪᠠᠷᠠᠵᠤ ᠢᠷᠠᠨ ᠣᠭᠳᠤᠬᠤ
ᠴᠢᠨᠤ ᠣᠷᠤᠭᠤᠯ ᠪᠦᠯᠢᠶᠡᠨ ᠦᠨᠦᠰᠤᠯ
ᠱᠥᠭᠦᠷ ᠳᠤᠤᠷ᠎ᠠ ᠪᠠᠨ ᠭᠠᠯᠰᠢᠵᠤ
ᠳᠡᠯᠡᠭᠡᠢ ᠲᠡᠶ ᠪᠠᠨ ᠬᠠᠮᠳᠤ
ᠪᠦᠳᠤᠨ ᠳᠡᠩᠭᠡᠯᠢᠭ᠌ ᠵᠢᠷᠭᠠᠭᠰᠠᠨ ᠪᠠᠢ᠌ᠯ᠎ᠠ᠃
ᠪᠢᠯᠢᠭ᠌ ᠠᠷᠭ᠎ᠠ ᠵᠢᠨ
ᠪᠦᠳᠤᠨ ᠴᠠᠭᠠᠨ ᠣᠯᠠᠷᠢᠯ ᠳᠡᠭᠡᠭᠦᠷ
ᠪᠣᠳᠤᠯ ᠳᠤ ᠳᠠᠩᠳᠠ ᠬᠤᠷᠭᠤᠳᠠᠬᠤ
ᠡᠩᠭᠡᠷ ᠨᠠᠭᠠᠯᠢᠩᠬᠠᠢ ᠰᠢᠪᠠᠨᠡᠭᠡ ᠴᠢᠨᠢ
ᠬᠤᠨ ᠤ ᠴᠠᠭᠠᠨ ᠨᠡᠭᠦᠳᠡᠯ ᠡᠴᠠ
ᠮᠥᠩᠭᠡ ᠶᠢᠨ ᠰᠠᠢ᠌ᠬᠠᠨ
ᠮᠦᠷᠦᠭᠡᠳᠦᠯ ᠠᠷᠭᠠᠮᠵᠢᠯᠠᠵᠤ ᠬᠤᠴᠤᠷᠠᠨ᠎ᠠ᠃
ᠨᠠᠷᠠ ᠴᠢᠨᠢ ᠳᠠᠭᠤᠭᠳᠠᠬᠤ ᠬᠤᠷᠸ᠎ᠠ ᠵᠢᠨ
ᠮᠥᠩᠭᠡ ᠣᠷᠤᠰᠢᠬᠤ ᠬᠠᠢ᠌ᠷ᠎ᠠ ᠪᠠᠷ
ᠴᠢᠮ᠎ᠠ ᠪᠠᠨ ᠪᠢ
ᠡᠩᠭᠡᠷ ᠳᠤᠯᠠᠭᠠᠬᠠᠨ ᠳᠡᠪᠠᠷᠢᠭᠦ ᠳ᠋ᠤ
ᠡᠨᠡᠭᠡᠨ ᠪᠦᠮᠪᠦᠷᠴᠡᠭ᠌
ᠳᠠᠷᠠ ᠴᠢᠭ᠌ ᠶᠢᠡᠷ ᠶᠢᠡᠨ ᠣᠶᠠᠷᠠᠵᠤ ᠬᠠᠢ᠌ᠯᠤᠮᠠᠷ ᠡ ︕
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠳᠤᠯᠠᠭᠠᠨ ᠰᠢᠶᠠᠨ ᠤ ᠦᠨᠳᠦᠰᠦᠳᠠᠨ ᠤ ᠪᠦᠷᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠱ·ᠭᠦᠭᠡᠮᠥ᠋ᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2672
ᠴᠠᠭ᠄ 2011 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ