ᠨᠡᠪᠲᠡᠷᠡᠨ ᠤᠷᠤᠬᠤ
ᠳᠤᠷᠠᠰᠤᠯ ᠳᠤ ᠮᠥᠩᠭᠡᠷᠡᠭᠦ ᠬᠠᠢ᠌ᠷ᠎ᠠ

ᠠᠩᠭᠢᠷᠬᠠᠨ ᠵᠠᠯᠠᠭᠤ ᠨᠠᠰᠤᠨ ᠤ ᠨᠠᠷᠭᠢᠮ᠎ᠠ ᠴᠠᠭ

ᠠᠯᠢᠶᠠᠷᠬᠠᠨ ᠳᠤᠭᠯᠠᠵᠤ ᠭᠦᠭᠡᠷᠦᠯᠳᠤᠨ ᠥᠶᠡᠷᠭᠡᠵᠤ ᠶᠠᠪᠣᠭᠰᠠᠨ

ᠳᠡᠭ᠍ᠵᠢᠨ ᠴᠤᠪᠣᠭᠤᠯᠢᠭ ᠠᠭᠠᠯᠢ ᠲᠡᠶ ᠭᠡᠦᠭᠡᠨ

ᠳᠡᠩᠳᠡᠭᠦᠤ ᠬᠠᠢ᠌ᠷ᠎ᠠ ᠶᠢᠨ ᠳᠤᠷᠠᠰᠤᠯ ᠭᠦᠪᠦᠷᠡᠭᠦᠯᠤᠨ᠎ᠡ᠃

ᠪᠣᠮᠪᠣᠭᠤᠷ ᠪᠣᠷᠤ ᠴᠢᠷᠠᠢ ᠳᠠᠭᠠᠨ ᠢᠨᠢᠶᠠᠳᠤ ᠪᠢᠯᠬᠠᠭᠤᠯᠤᠭᠰᠠᠨ

ᠪᠣᠷᠤ ᠠᠯᠠᠭ ᠨᠢᠳᠤᠨ ᠳᠡᠭᠡᠨ ᠮᠦᠰᠢᠶᠠᠳᠤ ᠳᠤᠭᠯᠠᠭᠤᠯᠤᠭᠰᠠᠨ

ᠭᠦᠮᠤᠨ ᠳᠤ ᠡᠶᠡᠯᠰᠡᠭ᠌ ᠠᠷᠠᠠᠰᠢᠨ ᠲᠡᠶ ᠭᠡᠦᠭᠡᠨ

ᠭᠦᠰᠡᠯ ᠰᠡᠳᠭᠢᠯ ᠤᠨ ᠮᠦᠷᠦᠭᠡᠳᠦᠯ ᠳᠤᠷᠠᠰᠤᠭᠤᠯᠤᠨ᠎ᠠ᠃

ᠣᠰᠬᠠᠯ ᠬᠤᠶᠠᠷ ᠨᠢᠳᠤ ᠨᠢ ᠳᠤᠷᠮᠤᠯᠵᠠᠭᠠᠤᠨ

ᠣᠳᠠ ᠶᠢᠨ ᠨᠠᠪᠴᠢᠨ ᠭᠦᠮᠦᠰᠭᠡ ᠨᠢ ᠵᠤᠷᠠᠢ᠌ᠭᠠᠤᠨ

ᠣᠶᠠᠩᠭ᠋ᠠᠬᠠᠨ ᠬᠤᠭᠤᠯᠠᠢ ᠲᠡᠶ ᠬᠤᠩᠭ᠋ᠤᠷᠬᠠᠨ ᠭᠡᠦᠭᠡᠨ

ᠣᠩᠭ᠋ᠤᠨ ᠬᠠᠢ᠌ᠷ᠎ᠠ ᠶᠢᠨ ᠳᠤᠷᠠᠰᠤᠮᠵᠢ ᠭᠡᠵᠢᠭᠡᠳᠡᠨ᠎ᠡ

ᠮᠥᠩᠭᠡ ᠬᠠᠨ ᠠᠭᠤᠯᠠᠨ ᠤ ᠵᠤᠭᠠᠴᠠᠯ ᠮᠢᠨᠢ

ᠮᠥᠩᠭᠡᠷᠡᠵᠤ ᠳᠤᠷᠠᠰᠤᠭᠳᠠᠬᠤ ᠬᠠᠢ᠌ᠷ᠎ᠠ ᠶᠢᠨ ᠠᠶᠠᠨ᠂

ᠦᠵᠡᠮᠵᠢᠳᠤ ᠰᠠᠢ᠌ᠬᠠᠨ ᠪᠠᠳᠤᠴᠠᠭᠠᠨ ᠤ ᠰᠤᠨᠢᠷᠬᠠᠯ

ᠡᠷᠭᠢᠴᠡᠭᠦᠯᠵᠤ ᠰᠤᠭᠳᠤᠭᠤᠷᠠᠬᠤ ᠬᠠᠢ᠌ᠷ᠎ᠠ ᠶᠢᠨ ᠰᠢᠯᠦᠭ᠌᠃

ᠬᠠᠮᠳᠤ ᠠᠵᠢᠯᠯᠠᠭᠰᠠᠨ ᠡᠳᠦᠷ ᠬᠤᠨᠤᠭ

ᠬᠠᠪᠳᠠᠭᠠᠢ ᠴᠡᠭᠡᠵᠢᠨ ᠳᠤ ᠬᠠᠳᠠᠩᠰᠢᠬᠤ ᠵᠤᠭᠤᠭ᠂

ᠬᠠᠢ᠌ᠷ᠎ᠠ ᠨᠡᠪᠴᠢᠭᠡᠭ᠍ᠰᠡᠨ ᠴᠠᠭ ᠮᠦᠴᠡ

ᠬᠤᠪᠳᠤᠯ ᠵᠢᠷᠦᠭᠡᠨ ᠳᠤ ᠮᠥᠩᠭᠡᠷᠡᠭᠦ ᠬᠭᠤᠴᠢ᠃

ᠥᠶᠡᠷᠭᠡᠵᠤ ᠨᠠᠢ᠌ᠵᠠᠯᠠᠭᠰᠠᠨ ᠨᠠᠢ᠌ᠷᠰᠠᠭ ᠭᠡᠦᠭᠡᠨ ᠢ

ᠥᠮᠴᠢᠷᠭᠡᠵᠤ ᠰᠠᠭᠤᠬᠤ ᠳᠠᠪᠢᠯᠠᠩ ᠦᠭᠡᠶ ᠴᠤ

ᠠᠮᠳᠠᠳᠤ ᠰᠠᠢ᠌ᠬᠠᠨ ᠰᠠᠷᠬᠤᠤᠨ ᠶᠢᠡᠨ ᠡᠷᠭᠦᠵᠤ

ᠠᠰᠢᠳᠠ ᠵᠢᠷᠭᠠᠬᠤ ᠶᠢᠨ ᠵᠦᠩᠨᠠᠯ ᠳᠡᠪᠰᠢᠭᠦᠯᠦᠶ᠎ᠡ︕

ᠬᠠᠢ᠌ᠷᠠᠯᠠᠵᠤ ᠰᠠᠨᠠᠭᠰᠠᠨ ᠭᠣᠢ᠌ᠪᠠᠷᠬᠠᠨ ᠭᠡᠦᠭᠡᠨ ᠳᠠᠢ

ᠬᠠᠨᠢᠰᠠᠵᠤ ᠠᠮᠢᠳᠤᠷᠠᠬᠤ ᠵᠠᠶᠠᠭ᠎ᠠ ᠦᠭᠡᠶ ᠴᠤ

ᠦᠯᠵᠡᠢ ᠴᠠᠭᠠᠨ ᠬᠠᠳᠠᠭ ᠶᠢᠡᠨ ᠳᠡᠯᠭᠡᠵᠤ

ᠡᠭᠦᠷᠢᠳᠡ ᠡᠩᠭᠡ ᠶᠢᠨ ᠪᠠᠯᠭᠡᠳᠡᠯ ᠳᠡᠪᠰᠢᠭᠦᠯᠦᠶ᠎ᠡ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ