☆ ᠯ·ᠣᠳᠤᠨ
ᠮᠠᠷᠳᠠᠵᠤ ᠴᠢᠳᠠᠬᠤ ᠦᠭᠡᠶ ᠡ
ᠰᠦᠨᠢ ᠰᠦᠨᠢ ᠶᠢᠨ ᠵᠡᠭᠦᠳᠤ ᠮᠠᠨᠠᠵᠤ
ᠳᠠᠷᠠ ᠳᠡᠭᠡᠷ᠎ᠡ ᠠᠰᠬᠠᠷᠠᠭᠠᠤᠨ ᠬᠤᠨᠤᠳᠠᠭ
ᠰᠠᠷᠠᠨ ᠴᠠᠭᠠᠨ ᠵᠢᠰᠤ ᠶᠢ ᠴᠢᠨᠢ
ᠮᠠᠷᠳᠠᠵᠤ ᠴᠢᠳᠠᠬᠤ ᠦᠭᠡᠶ ᠡ
ᠰᠡᠭᠦᠳᠡᠷ ᠭᠠᠵᠠᠷ ᠤᠨ ᠪᠣᠯᠠᠭ ᠠᠳᠠᠯᠢ
ᠭᠦᠢᠰᠤᠨ ᠡᠴᠡ ᠪᠠᠨ ᠮᠠᠯᠮᠠᠯᠵᠠᠨ ᠳᠤᠨᠤᠷᠠᠵᠤ
ᠮᠥᠷᠦᠭᠡᠳᠦᠯ ᠳᠤ ᠴᠠᠯᠭᠢᠭᠠᠤᠨ ᠥᠩᠭᠡᠷᠡᠳᠡᠭ᠌
ᠭᠦᠭᠡᠷᠦᠭᠦᠨ ᠬᠠᠷ᠎ᠠ ᠨᠢᠳᠤ ᠶᠢ ᠴᠢᠨᠢ
ᠮᠠᠷᠳᠠᠵᠤ ᠴᠢᠳᠠᠬᠤ ᠦᠭᠡᠶ ᠡ
ᠶᠠᠭᠠᠷᠠᠵᠤ ᠦᠭᠭᠦᠭ᠍ᠰᠡᠨ ᠵᠠᠭᠢᠳᠠᠯ ᠢ ᠥᠵᠡᠭᠡᠳ
ᠶᠠᠭᠠᠭᠢᠬᠤ ᠪᠠᠨ ᠣᠯᠬᠤ ᠦᠭᠡᠶ ᠵᠤᠪᠠᠨᠢᠵᠤ
ᠣᠷᠤᠨ ᠳᠠᠭᠠᠨ ᠣᠯᠠᠢ᠌ᠵᠤ ᠭᠡᠪᠳᠡᠭ᠍ᠰᠡᠨ ᠢ ᠴᠢᠨᠢ
ᠮᠠᠷᠳᠠᠵᠤ ᠴᠢᠳᠠᠬᠤ ᠦᠭᠡᠶ ᠡ
ᠶᠠᠯ᠎ᠠ ᠦᠭᠡᠶ ᠳᠤᠷᠠᠯᠠᠯ ᠢ ᠮᠢᠨᠢ ᠪᠣᠴᠠᠭᠠᠭᠰᠠᠨ ᠴᠤ
ᠶᠠᠳᠤᠭ᠎ᠠ ᠶᠢᠨ ᠡᠭᠡᠰᠢᠭ᠌ ᠠᠳᠠᠯᠢ
ᠵᠢᠷᠦᠭᠡᠨ ᠳᠤ ᠣᠶᠠᠩᠭ᠋ᠠᠷᠠᠭᠠᠤᠨ ᠢᠷᠡᠳᠡᠭ᠌ ᠳᠠᠭᠤ ᠶᠢ ᠴᠢᠨᠢ
ᠮᠠᠷᠳᠠᠵᠤ ᠴᠢᠳᠠᠬᠤ ᠦᠭᠡᠶ ᠡ
ᠨᠠᠷᠢᠬᠠᠨ ᠭᠤᠤᠯ ᠤᠨ ᠭᠦᠪᠠᠭᠡᠨ ᠳᠡᠭᠡᠷ᠎ᠡ
ᠨᠠᠭᠠᠯᠳᠤᠵᠤ ᠰᠠᠭᠤᠭᠰᠠᠨ ᠬᠤᠷᠤᠮᠬᠠᠨ ᠶᠢᠡᠨ
ᠮᠠᠷᠳᠠᠵᠤ ᠴᠢᠳᠠᠬᠤ ᠦᠭᠡᠶ ᠡ
ᠨᠠᠰᠤᠨ ᠳᠠᠭᠠᠨ ᠮᠠᠷᠳᠠᠰᠢ ᠦᠭᠡᠶ ᠬᠠᠢ᠌ᠷ᠎ᠠ ᠶᠢᠨ ᠢᠯᠴᠢ ᠶᠢ
ᠬᠠᠷᠠᠴᠠ ᠪᠠᠷ ᠶᠢᠡᠨ ᠳᠠᠮᠵᠢᠭᠤᠯᠵᠤ ᠦᠭᠭᠦᠭ᠍ᠰᠡᠨ
ᠨᠠᠳᠠ ᠭᠡᠯᠡᠵᠤ ᠪᠣᠯᠳᠠᠭ ᠦᠭᠡᠶ ᠨᠢᠭᠤᠴᠠ ᠶᠢ ᠴᠢᠨᠢ
ᠮᠠᠷᠳᠠᠵᠤ ᠴᠢᠳᠠᠬᠤ ᠦᠭᠡᠶ ᠡ
ᠴᠢ ᠳᠤᠳᠠᠭᠰᠠᠨ ᠨᠠᠢ᠌ᠷ ᠤᠨ ᠰᠢᠷᠡᠭᠡ
ᠠᠷᠢᠭᠢ ᠨᠢ ᠭᠠᠰᠢᠭᠤᠨ ᠪᠠᠢ᠌ᠳᠠᠭ ᠢ ᠮᠠᠷᠳᠠᠬᠤ ᠦᠭᠡᠶ ᠡ
ᠴᠢᠮᠡᠭᠡ ᠳᠠᠰᠤᠷᠠᠭᠰᠠᠨ ᠡᠳᠦᠷ ᠬᠤᠨᠤᠭ ᠤᠨ
ᠥᠩᠭᠡᠷᠡᠭᠦ ᠨᠢ ᠣᠳᠠᠭᠠᠨ ᠪᠠᠢ᠌ᠳᠠᠭ ᠢ ᠴᠤ ᠮᠠᠷᠳᠠᠬᠤ ᠦᠭᠡᠶ ᠡ
ᠵᠠᠯᠭᠢᠵᠤ ᠴᠢᠳᠠᠰᠢ ᠦᠭᠡᠶ ᠬᠠᠢ᠌ᠷ᠎ᠠ ᠶᠢᠨ ᠨᠢᠯᠪᠣᠰᠤ ᠪᠠᠨ
ᠣᠳᠠᠰᠤᠨ ᠳᠤ ᠰᠢᠩᠭᠡᠭᠡᠵᠤ
ᠭᠦᠷᠦᠵᠤ ᠦᠭᠭᠦᠭ᠍ᠰᠡᠨ ᠰᠡᠳᠭᠢᠯ ᠢ ᠴᠢᠨᠢ
ᠮᠠᠷᠳᠠᠵᠤ ᠴᠢᠳᠠᠬᠤ ᠦᠭᠡᠶ ᠡ
ᠵᠠᠵᠢᠯᠤᠭᠠᠤᠨ ᠳᠠᠭᠠᠭᠠᠬᠤ ᠦᠭᠡᠶ ᠳᠤᠷᠠᠯᠠᠯ ᠤᠨ ᠰᠢᠭᠢᠷ ᠢ
ᠳᠤᠷᠠᠳᠬᠠᠯ ᠪᠣᠯᠭᠠᠨ ᠵᠡᠭᠦᠳᠤᠨ ᠳᠡᠭᠡᠨ ᠰᠢᠮᠠᠵᠤ
ᠳᠠᠭᠤᠯᠠᠭᠠᠤᠨ ᠶᠠᠪᠣᠳᠠᠭ ᠵᠢᠷᠦᠭᠡ ᠶᠢ ᠴᠢᠨᠢ
ᠮᠠᠷᠳᠠᠵᠤ ᠴᠢᠳᠠᠬᠤ ᠦᠭᠡᠶ ᠡ
ᠰᠠᠯᠤᠭᠠᠤᠨ ᠶᠠᠪᠣᠭᠰᠠᠨ ᠴᠤ ᠰᠠᠨᠠᠭᠠᠤᠨ ᠰᠠᠭᠤᠳᠠᠭ
ᠰᠡᠳᠭᠢᠯ ᠶᠢᠡᠨ ᠪᠢ ᠬᠤᠷᠢᠵᠤ ᠴᠢᠳᠠᠬᠤ ᠦᠭᠡᠶ ᠡ
ᠰᠠᠨᠠᠬᠤ ᠶᠢᠨ ᠣᠳᠤᠨ ᠳᠤ ᠨᠠᠰᠤ ᠪᠠᠷ ᠬᠠᠳᠠᠭᠰᠠᠨ ᠴᠤ
ᠰᠠᠢ᠌ᠬᠠᠨ ᠴᠢᠮ᠎ᠠ ᠪᠠᠨ ᠭᠠᠭᠴᠠᠭᠠᠷ ᠥᠮᠴᠢᠷᠭᠡᠵᠤ
ᠪᠢ ᠳᠤᠷᠠᠳᠠᠢ ᠥᠷᠡᠭ᠍ᠳᠡᠨᠡ ᠡ︕
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ