☆ ᠭᠤᠨᠢᠨᠤᠳ·ᠨᠠ᠊·ᠰᠥᠭᠡᠪᠠᠭᠠᠳᠤᠷ
ᠨᠢᠭᠤᠴᠠ ᠳᠤᠪᠴᠢᠶᠠᠨ
᠊᠊᠊᠊᠊᠊᠊᠊᠊᠊᠊᠊᠊᠊᠊ ᠦᠵᠦᠮᠤᠴᠢᠨ ᠤ ᠭᠤᠷᠤᠬᠠᠨ ᠬᠠᠢ᠌ᠷᠬᠠᠨ ᠳᠤ ᠪᠠᠨ ᠰᠥᠵᠢᠭᠯᠡᠵᠤ ᠪᠢᠴᠢᠪᠠᠢ
ᠨᠢᠭᠤᠴᠠ ᠳᠤᠪᠴᠢᠶᠠᠨ
ᠳᠠᠩᠭᠢᠰ ᠭᠡᠳᠦᠯᠵᠤ ᠢᠷᠡᠭ᠍ᠰᠡᠨ ᠪᠦᠷᠳᠡ ᠴᠢᠨ᠋ᠸ᠎ᠠ ᠡᠴᠠ
ᠡᠭᠢᠯᠡᠵᠤ ᠣᠷᠤᠰᠤᠨ᠎ᠠ
ᠨᠢᠭᠤᠴᠠ ᠳᠤᠪᠴᠢᠶᠠᠨ
ᠳᠠᠨᠢᠭᠰᠠᠨ ᠳᠠᠨᠢᠭ᠎ᠠ ᠦᠭᠡᠶ ᠥᠵᠦᠭ᠌ ᠤᠳ ᠣᠤᠠᠬ᠎ᠠ ᠨᠢ
ᠣᠨᠢᠰᠤᠭ᠎ᠠ ᠪᠣᠯᠵᠤ ᠣᠷᠤᠰᠢᠨ᠎ᠠ᠂
ᠨᠢᠭᠤᠴᠠ ᠳᠤᠪᠴᠢᠶᠠᠨ
ᠳᠡᠭᠦᠰᠭᠡᠯ ᠨᠢ ᠪᠠᠯᠠᠷᠬᠠᠢ
ᠦᠯᠦ ᠮᠡᠳᠡᠭ᠍ᠳᠡᠭᠦ ᠨᠢᠭᠡᠨ ᠴᠡᠭ᠌
ᠨᠢᠭᠤᠴᠠ ᠳᠤᠪᠴᠢᠶᠠᠨ
ᠳᠡᠭᠦᠰᠭᠡᠯ ᠦᠭᠡᠶ ᠥᠷᠭᠦᠯᠵᠢᠯᠡᠭᠦ
ᠦᠪᠡᠷ ᠢ ᠪᠠᠨ ᠯᠠ ᠮᠡᠳᠡᠭᠦ ᠨᠢᠭᠡᠨ ᠴᠤᠪᠣᠭ᠎ᠠ᠂
ᠨᠢᠭᠤᠴᠠ ᠳᠤᠪᠴᠢᠶᠠᠨ ᠡᠴᠠ ᠳᠠᠰᠤᠷᠠᠭᠰᠠᠨ ᠠᠳᠤᠭᠤ ᠨᠢ
ᠨᠡᠭᠦᠵᠤ ᠳᠠᠪᠭᠢᠬᠤ ᠳ᠋ᠤ
ᠨᠢᠯᠪᠣᠰᠤᠨ ᠡᠴᠠ ᠨᠢ ᠳᠡᠦᠭᠡ ᠠᠮᠳᠠᠯᠠᠭᠳᠠᠵᠤ
ᠰᠠᠯᠭᠢᠨ ᠤ ᠴᠢᠮᠡᠭᠡ ᠳᠤᠭᠤᠷᠠᠢ᠌ᠨ ᠳᠤ ᠨᠢ ᠭᠡᠷᠪᠢᠭ᠍ᠳᠡᠨ
ᠨᠠᠷᠠᠨ ᠤ ᠭᠡᠷᠡᠯ ᠴᠢᠭᠢᠨ ᠳᠤ ᠨᠢ ᠱᠤᠤᠭᠢᠵᠤ ᠪᠠᠢ᠌ᠭᠰᠠᠨ ᠭᠡᠳᠡᠭ᠌᠂
ᠨᠢᠭᠤᠴᠠ ᠳᠤᠪᠴᠢᠶᠠᠨ ᠳᠤ ᠪᠢᠴᠢᠭ᠍ᠳᠡᠭ᠍ᠰᠡᠨ ᠪᠠᠭᠠᠳᠤᠷ ᠤᠳ ᠨᠢ
ᠵᠤᠬᠢᠶᠠᠭᠴᠢ ᠪᠠᠨ ᠣᠯᠬᠤ ᠭᠡᠵᠤ
ᠵᠢᠯᠤᠭᠤ ᠦᠭᠡᠶ ᠵᠤᠪᠠᠵᠤ ᠭᠡᠯᠳᠦᠷᠢᠭᠦ ᠳ᠋ᠤ
ᠨᠡᠭᠦᠳᠡᠯ ᠤᠨ ᠴᠢᠮᠡᠭᠡᠨ ᠳᠤ ᠨᠢ ᠳᠠᠯ᠎ᠠ ᠭᠦᠭᠯᠡᠷᠡᠵᠤ
ᠠᠷᠪᠠᠨ ᠭᠤᠷᠪᠠᠳᠤᠭᠠᠷ ᠵᠠᠭᠤᠨ ᠶᠠᠪᠣᠴᠢᠬᠠᠭᠰᠠᠨ ᠪᠠᠢ᠌ᠯ᠎ᠠ ᠭᠡᠳᠡᠭ᠌
ᠬᠤᠷᠢᠨ ᠨᠢᠭᠡᠳᠦᠭᠡᠷ ᠵᠠᠭᠤᠨ ᠢᠷᠡᠴᠢᠭᠡᠭ᠍ᠰᠡᠨ ᠪᠠᠢ᠌ᠯ᠎ᠠ ᠭᠡᠳᠡᠭ᠌᠃
ᠵᠤᠬᠢᠶᠠᠭᠴᠢ ᠶᠢᠨ ᠬᠠᠶᠢᠭ᠄ ᠮᠥᠭ᠍ᠳᠡᠨ ᠬᠤᠳᠠ ᠶᠢᠨ ᠯᠢᠶᠤᠤᠨᠢᠩ ᠶᠡᠭᠡ ᠰᠤᠷᠭᠠᠭᠤᠯᠢ ᠶᠢᠨ ᠰᠢᠨ᠎ᠡ ᠳᠤᠭᠤᠷᠢᠭ ᠤᠨ ᠠᠵᠤ ᠠᠬᠤᠢ ᠶᠢᠨ ᠭᠦᠷᠢᠶᠡᠯᠡᠩ ᠤᠨ 09 ᠣᠨ ᠤ ᠠᠵᠤ ᠠᠬᠤᠢ ᠶᠢᠨ ᠰᠠᠯᠪᠣᠷᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ