ᠨᠡᠪᠲᠡᠷᠡᠨ ᠤᠷᠤᠬᠤ
ᠮᠤᠩᠭ᠋ᠤᠯ ᠭᠦᠮᠤᠨ ᠤ ᠨᠠᠷ᠎ᠠ ᠶᠢᠨ ᠴᠡᠭᠡᠷᠯᠡᠯ ᠤᠨ ᠵᠠᠩᠰᠢᠯ ᠶᠤᠰᠤᠨ

ᠮᠤᠩᠭᠤᠯ ᠭᠦᠮᠤᠨ ᠤ ᠨᠠᠷ᠎ᠠ ᠶᠢᠨ ᠴᠡᠭᠡᠷᠯᠡᠯ ᠤᠨ ᠵᠠᠩᠰᠢᠯ ᠶᠤᠰᠤᠨ ᠳᠤ ᠶᠡᠭᠡ ᠲᠦᠯᠦᠪ ᠨᠠᠷ᠎ᠠ ᠦᠭ‍ᠭᠦ ᠶᠢᠨ ᠴᠡᠭᠡᠷᠯᠡᠯ ᠪᠠ (ᠨᠢᠭᠡᠨᠲᠡ ᠦᠭ‍ᠭᠦᠭ᠍ᠰᠡᠨ ᠨᠠᠷ᠎ᠠ ᠵᠢ) ᠨᠠᠷᠠᠯᠠᠨ ᠳᠠᠭᠤᠳᠠᠬᠤ ᠶᠢᠨ ᠴᠡᠭᠡᠷᠯᠡᠯ ᠭᠡᠭᠦ ᠬᠤᠶᠠᠷ ᠳᠠᠯ᠎ᠠ ᠶᠢᠨ ᠠᠭᠤᠯᠭ᠎ᠠ ᠶᠢ ᠪᠠᠭᠳᠠᠭᠠᠵᠤ ᠪᠠᠢ᠌ᠳᠠᠭ᠃ ᠳᠤᠬᠠᠢ᠌ᠯᠠᠪᠠᠯ᠂ ᠮᠤᠩᠭᠤᠯᠴᠤᠳ ᠬᠡᠦᠬᠡᠳ ᠶᠢᠡᠨ ᠶᠠᠮᠠᠷ ᠨᠢᠭᠡᠨ ᠭᠠᠢ ᠳᠠᠳᠬᠠᠷ ᠡᠴᠠ ᠨᠢᠭᠤᠨ ᠬᠠᠮᠠᠭᠠᠯᠠᠬᠤ ᠵᠤᠷᠢᠯᠭ᠎ᠠ ᠪᠠᠷ ᠭᠦᠮᠤᠨ ᠤ ᠨᠠᠷ᠎ᠠ ᠪᠣᠯᠳᠠᠭ ᠡᠩ ᠤᠨ ᠥᠭᠡ ᠪᠠᠷ ᠨᠡᠷᠡᠯᠡᠭᠦ ᠡᠴᠠ ᠵᠠᠢ᠌ᠯᠠᠵᠤ ᠴᠡᠭᠡᠷᠯᠡᠭ᠍ᠰᠡᠨ ᠨᠠᠷ᠎ᠠ ᠦᠭ‍ᠭᠦ ᠵᠠᠩᠰᠢᠯ ᠲᠡᠶ ᠪᠦᠭᠡᠳ ᠪᠠᠰᠠ ᠡᠪᠦᠭᠡ ᠳᠡᠭᠡᠳᠦᠰ᠂ ᠠᠬᠠᠮᠠᠤᠨ ᠭᠦᠮᠦᠰ ᠶᠢᠡᠨ ᠨᠠᠷ᠎ᠠ ᠪᠠᠷ ᠨᠢ ᠳᠠᠭᠤᠳᠠᠬᠤ ᠶᠢ ᠴᠡᠭᠡᠷᠯᠡᠵᠤ ᠡᠶᠡᠳᠡᠭᠦᠯᠤᠨ ᠳᠠᠭᠤᠳᠠᠬᠤ ᠵᠠᠩᠰᠢᠯ ᠲᠡᠶ ᠪᠠᠢ᠌ᠳᠠᠭ᠃ ᠮᠦᠨ ᠡᠨᠡᠭᠦ ᠰᠢᠯᠳᠠᠭᠠᠨ ᠡᠴᠠ ᠪᠣᠯᠵᠤ ᠬᠡᠦᠬᠡᠳ ᠲᠡᠭᠡᠨ ᠨᠠᠷ᠎ᠠ ᠦᠭ‍ᠭᠦ ᠳᠡᠭᠡᠨ ᠠᠪᠣ ᠡᠵᠢ ᠵᠡᠷᠭᠡ ᠠᠬᠠᠮᠠᠤᠨ ᠰᠠᠳᠤᠨ ᠲᠦᠷᠦᠯ ᠤᠨ ᠨᠠᠷ᠎ᠠ ᠲᠡᠶ ᠥᠯᠤ ᠳᠠᠪᠬᠤᠴᠠᠭᠤᠯᠬᠤ ᠶᠤᠰᠤ ᠵᠢᠷᠤᠮ ᠲᠡᠶ ᠪᠣᠯᠵᠠᠢ᠃

ᠥᠨᠡᠨᠳᠡᠭᠡᠨ ᠭᠠᠢ ᠳᠤᠤᠠᠬᠠᠷ ᠡᠴᠠ ᠵᠠᠢ᠌ᠯᠠᠭᠤᠯᠵᠤ ᠴᠡᠭᠡᠷᠯᠡᠨ ᠨᠡᠷᠡᠯᠡᠭᠦ ᠪᠠ ᠶᠡᠭᠡᠰ ᠶᠢᠡᠨ ᠭᠦᠡᠳᠦᠳᠭᠡᠵᠤ ᠴᠡᠭᠡᠷᠯᠡᠨ ᠳᠠᠭᠤᠳᠠᠬᠤ ᠨᠢ ᠠᠳᠠᠯᠢ ᠪᠣᠰᠤ ᠰᠢᠠᠵᠢᠳᠠᠢ ᠬᠤᠶᠠᠷ ᠤᠴᠢᠷ ᠪᠢᠯᠠ᠃ ᠤᠳᠤ ᠥᠶ᠎ᠡ ᠳᠤ ᠥᠷ᠎ᠡ ᠳ᠋ᠦ᠋ᠩ ᠨᠢ ᠴᠤ ᠠᠳᠠᠯᠢ ᠪᠣᠰᠤ ᠪᠣᠯᠵᠠᠢ᠃ ᠭᠡᠪᠠᠴᠤ ᠴᠦᠮ ᠴᠡᠭᠡᠷᠯᠡᠨ ᠭᠡᠯᠡᠭᠦ ᠶᠢᠨ ᠶᠤᠰᠤᠨ ᠳᠤ ᠬᠠᠷᠢᠶᠠᠯᠠᠭᠳᠠᠬᠤ ᠪᠦᠭᠡᠳ ᠱᠠᠰᠢᠨ ᠰᠢᠳᠦᠭᠡᠨ ᠤ ᠥᠵᠡᠯ ᠰᠠᠨᠠᠭᠠᠨ ᠳᠤ ᠬᠤᠯᠪᠣᠭᠳᠠᠬᠤ ᠵᠣᠢ᠌ᠯᠠᠰ ᠪᠣᠯᠤᠨ᠎ᠡ᠃ ᠠᠯᠢᠪᠠ ᠳᠡᠦᠭᠡ ᠶᠢᠨ ᠶᠠᠭᠤᠮ᠎ᠠ ᠳᠤ ᠪᠦᠷ ᠤᠯᠡ ᠪᠣᠯᠵᠤ ᠡᠯᠡᠭ᠍ᠳᠡᠭᠦ ᠨᠠᠵᠠᠭᠠᠢ ᠳᠠᠯ᠎ᠠ ᠲᠡᠶ ᠪᠠᠢ᠌ᠳᠠᠭ ᠪᠦᠭᠡᠳ ᠤᠯᠡᠮᠵᠢᠯᠡᠯ ᠪᠣᠯᠵᠤ ᠭᠡᠷᠡᠭᠯᠡᠭ᠍ᠳᠡᠭᠦ ᠢᠳᠠᠪᠭᠢ ᠳᠠᠯ᠎ᠠ ᠲᠡᠶ ᠪᠠᠢ᠌ᠳᠠᠭ᠃ ᠳᠤᠤᠷ᠎ᠠ ᠪᠢᠳᠠ ᠮᠤᠩᠭᠤᠯ ᠭᠦᠮᠤᠨ ᠤ ᠨᠠᠷ᠎ᠠ ᠶᠢᠨ ᠴᠡᠭᠡᠷᠯᠡᠯ ᠤᠨ ᠵᠠᠩᠰᠢᠯ ᠶᠤᠰᠤᠨ ᠢ ᠵᠦᠪ ᠶᠢᠡᠷ ᠤᠢ᠌ᠯᠠᠭᠠᠵᠤ ᠭᠡᠷᠡᠭᠯᠡᠭᠦ ᠳᠤ ᠳᠤᠰᠠᠯᠠᠮᠵᠢ ᠪᠣᠯᠭᠠᠬᠤ ᠡᠭᠦᠳᠡᠨ ᠡᠴᠠ ᠳᠡᠭᠦᠨ ᠤ ᠭᠤᠤᠯ ᠪᠣᠯᠬᠤ ᠠᠭᠤᠯᠭ᠎ᠠ ᠨᠤᠭᠤᠳ ᠢ ᠳᠤᠪᠴᠢ ᠳᠠᠨᠢᠯᠴᠠᠭᠠᠯᠤᠶ᠎ᠠ᠃

1. ᠨᠠᠷ᠎ᠠ ᠦᠭ‍ᠭᠦ ᠶᠢᠨ ᠴᠡᠭᠡᠷᠯᠡᠯ᠄ ᠬᠡᠦᠬᠡᠳ ᠲᠡᠭᠡᠨ ᠡᠩ ᠤᠨ ᠨᠠᠷ᠎ᠠ ᠦᠭ‍ᠭᠦ ᠶᠢ ᠴᠡᠭᠡᠷᠯᠡᠵᠤ ᠭᠦᠮᠤᠨ ᠤ ᠨᠠᠷ᠎ᠠ ᠪᠣᠯᠤᠰᠢ ᠥᠭᠡᠢ ᠮᠠᠭᠤ ᠮᠠᠭᠤᠬᠠᠢ ᠥᠭᠡᠰ ᠪᠣᠶᠤ ᠳᠠᠯᠳᠠᠯᠠᠵᠤ ᠵᠠᠢ᠌ᠯᠠᠭᠤᠯᠤᠭᠰᠠᠨ ᠤᠳᠬ᠎ᠠ ᠪᠦᠭᠦᠢ ᠥᠭᠡᠰ ᠶᠢᠡᠷ ᠨᠡᠷᠡᠯᠡᠭᠦ ᠵᠠᠩᠰᠢᠯ ᠪᠣᠢ᠃ ᠵᠢᠱᠢᠶᠠᠯᠠᠪᠠᠯ᠄ ᠢᠰᠢᠭᠡ᠂ ᠬᠤᠷᠠᠭ᠎ᠠ᠂ (ᠬᠤᠷᠠᠭ᠎ᠠ ᠭᠡᠳᠡᠭ᠌ ᠶᠢᠡᠷ ᠵᠠᠷᠢᠮ ᠳᠠᠭᠠᠨ ᠥᠭᠦᠭᠡᠷᠳᠡᠭ᠍ᠰᠡᠨ ᠨᠠᠷ᠎ᠠ ᠪᠣᠶᠤ ᠳᠡᠭᠦᠨ ᠤ ᠶᠠᠮᠠᠷ ᠨᠢᠭᠡᠨ ᠰᠠᠢ᠌ᠨ ᠰᠠᠢ᠌ᠬᠠᠨ ᠴᠢᠨᠠᠷ ᠶᠢᠡᠷ ᠬᠡᠦᠬᠡᠳ ᠤᠨ ᠶᠢᠡᠨ ᠢᠷᠡᠭᠡᠳᠦᠢ ᠶᠢ ᠵᠣᠢ᠌ᠷᠯᠠᠨ ᠪᠠᠯᠭᠡᠰᠢᠶᠡᠭ᠍ᠰᠡᠨ ᠨᠠᠷ᠎ᠠ ᠪᠣᠯᠭᠠᠳᠠᠭ ᠨᠢ ᠴᠤ ᠪᠣᠢ)᠂ ᠭᠦᠯᠦᠭᠡ᠂ ᠨᠤᠬᠠᠢ᠂ ᠪᠠᠯᠳᠡᠷᠭᠡ᠂ ᠵᠤᠯᠵᠠᠭ᠎ᠠ᠂ ᠨᠤᠤᠰᠤᠳᠤ᠂ ᠠᠮᠢᠳᠠᠨ ᠭᠡᠭᠦ ᠮᠠᠳᠤ ᠪᠠᠷ ᠭᠦᠮᠤᠨ ᠪᠠ ᠠᠮᠢᠳᠠᠨ ᠪᠣᠯᠭᠠᠵᠤ ᠨᠡᠷᠡᠯᠡᠭᠦ ᠭᠦᠳᠦᠰᠤ᠂ ᠳᠤᠷᠠᠰᠬ᠎ᠠ᠂ ᠥᠮᠦᠳᠤ᠂ ᠪᠠᠭᠠᠰᠤ᠂ ᠪᠠᠭᠠᠰᠤᠬᠠᠢ᠂ ᠰᠢᠭᠡᠰᠦᠮ᠎ᠡ᠂ ᠬᠤᠮᠤᠤᠯ ᠭᠡᠭᠦ ᠮᠠᠳᠤ ᠠᠯᠢ ᠥᠯᠤ ᠥᠢᠰᠢᠶᠡᠬᠤ ᠮᠠᠭᠤᠬᠠᠢ ᠶᠠᠭᠤᠮ᠎ᠠ ᠶᠢᠨ ᠨᠠᠷ᠎ᠠ ᠪᠠᠷ ᠨᠡᠷᠡᠯᠡᠭᠦ ᠡᠨᠠᠪᠢᠰᠢ᠂ ᠳᠠᠷᠠᠪᠢᠰᠢ᠂ ᠭᠡᠡᠴᠦᠪᠢᠰᠢ᠂ ᠭᠦᠮᠦᠡᠪᠢᠰᠢ᠂ ᠤᠯᠳᠡᠬᠤᠭᠦᠢ᠂ ᠭᠡᠮᠡᠭ᠍ᠳᠡᠭᠦᠢ ᠭᠡᠭᠦ ᠮᠠᠳᠤ ᠳᠠᠯᠳᠠᠯᠠᠵᠤ ᠵᠠᠢ᠌ᠯᠠᠭᠤᠯᠤᠭᠰᠠᠨ ᠤᠳᠬ᠎ᠠ ᠲᠡᠶ ᠥᠭᠡ ᠪᠠᠷ ᠨᠡᠷᠡᠯᠡᠭᠦ ᠵᠢᠴᠢ ᠮᠠᠭᠤᠦ᠌ᠭᠢᠨ (ᠮᠤᠤᠦ᠌ᠭᠢᠨ)᠂ ᠬᠠᠷᠡᠭᠡᠦᠭᠡᠨ ᠭᠡᠭᠦ ᠮᠠᠳᠤ ᠭᠦᠢᠰᠤ ᠶᠢ ᠨᠢ ᠥᠭᠦᠭᠡᠷᠳᠡᠵᠤ ᠨᠡᠷᠡᠯᠡᠭᠦ ᠵᠡᠷᠭᠡ ᠶᠢ ᠳᠤᠷᠠᠳᠴᠤ ᠪᠣᠯᠤᠨ᠎ᠡ᠃

ᠪᠦᠭᠡ ᠶᠢᠨ ᠱᠠᠰᠢᠨ ᠤ ᠥᠵᠡᠯᠳᠡ ᠡᠴᠠ ᠠᠪᠴᠤ ᠭᠡᠯᠡᠪᠠᠯ᠂ ᠶ‍ᠢᠷᠳᠢᠠᠴᠤ ᠶᠢᠨ ᠲᠦᠮᠡᠨ ᠪᠣᠳᠠᠰ ᠨᠢ ᠴᠦᠮ ᠡᠵᠠᠤᠨ ᠰᠠᠭᠢᠭᠤᠯᠰᠤᠨ ᠲᠡᠶ ᠪᠠᠢ᠌ᠵᠤ᠂ ᠭᠦᠮᠤᠨ ᠤ ᠥᠭᠦᠵᠤ ᠳᠦᠷᠦᠭᠦ᠂ ᠡᠪᠠᠳᠴᠢᠨ ᠳᠠᠬᠤᠯ ᠳᠤ ᠨᠡᠷᠪᠠᠭ᠍ᠳᠡᠭᠦ ᠵᠡᠷᠭᠡ ᠨᠢ ᠪᠦᠷ ᠡᠳᠡᠭᠡᠷ ᠡᠵᠠᠤᠨ ᠰᠠᠭᠢᠭᠤᠯᠰᠤᠨ ᠤ ᠵᠤᠷᠢᠭ ᠰᠠᠨᠠᠭ᠎ᠠ ᠡᠴᠠ ᠳᠤᠭᠳᠠᠭᠠᠭᠳᠠᠳᠠᠭ ᠭᠡᠮᠡᠨ ᠥᠵᠡᠳᠡᠭ᠌᠃ ᠡᠢ᠌ᠮᠤ ᠡᠴᠠ ᠬᠡᠦᠬᠡᠳ ᠥᠯᠤ ᠳᠤᠭᠳᠠᠬᠤ ᠶᠠᠪᠣᠳᠠᠯ ᠢ ᠴᠤ ᠡᠵᠠᠤᠨ ᠢ ᠨᠢ ᠠᠭᠤᠷᠯᠠᠭᠤᠯᠤᠭᠰᠠᠨ ᠪᠣᠶᠤ ᠡᠵᠠᠤᠨ ᠨᠢ ᠭᠡᠳᠦᠷᠭᠡᠢ ᠳᠤᠭᠰᠢᠨ ᠪᠠᠢ᠌ᠭᠰᠠᠨ ᠡᠴᠠ ᠪᠣᠯᠤᠭᠰᠠᠨ ᠭᠡᠮᠡᠨ ᠥᠵᠡᠵᠤ᠂ ᠡᠳᠡᠭᠡᠷ ᠡᠵᠠᠤᠨ ᠡᠴᠠ ᠬᠡᠦᠬᠡᠳ ᠶᠢᠡᠨ ᠨᠢᠭᠤᠨ ᠳᠠᠯᠳᠠᠯᠠᠵᠤ ᠭᠦᠮᠤᠨ ᠤ ᠨᠠᠷ᠎ᠠ ᠪᠣᠯᠤᠰᠢ ᠥᠭᠡᠢ ᠥᠭᠡ ᠪᠠᠷ ᠨᠠᠷᠠᠯᠠᠨ ᠳᠠᠭᠤᠳᠠᠳᠠᠭ ᠠᠵᠢ᠃ ᠥᠭᠡᠷ᠎ᠡ ᠪᠠᠷ ᠭᠡᠯᠡᠪᠠᠯ ᠡᠵᠠᠤᠨ ᠰᠠᠭᠢᠭᠤᠯᠰᠤᠨ ᠭᠡᠮᠡᠭ᠍ᠴᠢ ᠨᠢᠳᠤ ᠲᠡᠶ᠂ ᠴᠢᠭᠢ ᠲᠡᠶ ᠪᠦᠭᠡᠳ ᠭᠦᠮᠤᠨ ᠤ ᠨᠠᠷ᠎ᠠ ᠶᠢ ᠳᠠᠩᠰᠠᠯᠠᠵᠤ ᠬᠤᠪᠢ ᠵᠠᠶᠠᠭ᠎ᠠ ᠶᠢ ᠨᠢ ᠳᠤᠭᠢᠷᠠᠭᠤᠯᠵᠤ ᠪᠠᠢ᠌ᠳᠠᠭ ᠪᠣᠯᠬᠤᠷ ᠭᠡᠷᠪᠡ ᠬᠡᠦᠬᠡᠳ ᠪᠣᠢ ᠭᠡᠳᠡᠭ᠌ ᠢ ᠮᠠᠳᠠᠪᠠᠯ ᠪᠠᠰᠠ ᠠᠪᠣᠭᠠᠤᠨ ᠶᠠᠪᠣᠴᠢᠬᠠᠬᠤ ᠪᠣᠶᠤ ᠭᠠᠢ ᠤᠴᠠᠷᠠᠭᠤᠯᠴᠢᠬᠠᠬᠤ ᠠᠶᠤᠯᠳᠠᠢ ᠭᠡᠮᠡᠨ ᠨᠠᠷ᠎ᠠ ᠶᠢ ᠨᠢ ᠪᠣᠷᠤᠭᠤᠯᠬᠤ ᠠᠷᠭ᠎ᠠ ᠪᠠᠷ ᠳᠠᠯᠳᠠᠯᠠᠨ ᠬᠠᠮᠠᠭᠠᠯᠠᠵᠤ ᠪᠠᠢ᠌ᠭ᠎ᠠ ᠭᠡᠷᠡᠭ᠌ ᠪᠢᠯᠠ᠃ ᠵᠠᠷᠢᠮ ᠠᠪᠣ ᠡᠵᠢ ᠬᠡᠦᠬᠡᠳ ᠨᠢ ᠤᠬᠢᠯᠡᠬᠤ ᠳᠤ 《ᠳᠤᠢ᠌᠂ ᠳᠤᠢ᠌︕ ᠴᠠᠰᠢ ᠪᠠᠨ᠂ ᠮᠠᠨ ᠤ ᠳᠤ ᠬᠡᠦᠬᠡᠳ ᠤᠬᠢᠯᠡᠵᠤ ᠥᠭᠡᠢ᠂ ᠬᠤᠷᠠᠭ᠎ᠠ ᠮᠢᠨᠢ ᠮᠠᠢ᠌ᠯᠠᠯ᠎ᠠ》 ᠭᠡᠵᠤ ᠭᠡᠯᠡᠳᠡᠭ᠌ ᠨᠢ ᠴᠤ ᠡᠨᠠ ᠤᠴᠢᠷ ᠢ ᠬᠠᠷᠠᠭᠤᠯᠵᠤ ᠪᠣᠢ᠃

ᠡᠢ᠌ᠮᠤ ᠡᠴᠠ ᠬᠡᠦᠬᠡᠳ ᠶᠢᠡᠨ ᠳᠡᠭᠡᠷᠡᠭᠢ ᠮᠠᠳᠤ ᠮᠠᠭᠤ ᠮᠠᠭᠤᠬᠠᠢ ᠥᠭᠡ ᠪᠠᠷ ᠨᠡᠷᠡᠯᠡᠭᠦ ᠥᠵᠡᠭ᠍ᠳᠡᠯ ᠨᠢ ᠬᠡᠦᠬᠡᠳ ᠶᠢᠡᠨ ᠮᠠᠭᠤᠯᠠᠵᠤ ᠳᠤᠷᠤᠮᠰᠢᠶᠠᠵᠤ ᠪᠠᠢ᠌ᠭ᠎ᠠ ᠪᠣᠶᠤ ᠨᠠᠷ᠎ᠠ ᠦᠭ‍ᠭᠦ ᠶᠠᠪᠣᠳᠠᠯ ᠳᠤ ᠬᠠᠰᠢ ᠶᠠᠰᠢ ᠬᠠᠠᠳᠤᠵᠤ ᠪᠠᠢ᠌ᠭ᠎ᠠ ᠶᠢᠨ ᠢᠯᠠᠷᠠᠯ ᠤᠭᠳᠤ ᠪᠢᠰᠢ᠂ ᠮᠦᠨ ᠯᠠ ᠡᠷᠡᠭᠦᠯ ᠮᠠᠠᠳᠤ ᠪᠠᠷ ᠥᠰᠤᠨ ᠳᠤᠷᠨᠢᠵᠤ᠂ ᠭᠠᠢ ᠪᠠᠷᠴᠢᠳ ᠥᠭᠡᠢ ᠰᠠᠢ᠌ᠨ ᠰᠠᠢ᠌ᠬᠠᠨ ᠶᠠᠪᠣᠬᠤ ᠶᠢ ᠨᠢ ᠭᠦᠰᠡᠨ ᠪᠠᠯᠭᠡᠰᠢᠶᠡᠵᠤ ᠪᠠᠢ᠌ᠬᠤ ᠪᠠᠷ ᠪᠠᠷᠠᠬᠤ ᠥᠭᠡᠢ ᠴᠤᠬᠤᠮ ᠭᠦ ᠨᠠᠷᠢᠨ ᠳᠤᠩᠭᠠᠨ᠂ ᠨᠠᠠᠳᠢᠩᠨᠠᠨ ᠬᠠᠮᠠᠭᠠᠯᠠᠵᠤ ᠡᠩᠭᠦᠷᠡᠢ᠌ᠯᠡᠨ ᠬᠠᠢ᠌ᠷᠠᠯᠠᠭᠰᠠᠨ ᠤ ᠭᠢᠨᠢ ᠢᠯᠠᠷᠠᠯ ᠪᠢᠯᠠ᠃ ᠭᠡᠭᠦ ᠳᠡᠭᠡᠨ ᠮᠤᠩᠭᠤᠯᠴᠤᠳ ᠡᠢ᠌ᠮᠤ ᠨᠠᠷ᠎ᠠ ᠶᠢ 《ᠡᠩᠭᠦᠷᠡᠢ ᠨᠠᠷ᠎ᠠ》 ᠭᠡᠳᠡᠭ᠌ ᠶᠤᠮ᠃

ᠭᠡᠷᠡᠭ᠌ ᠪᠣᠳᠠᠰ ᠪᠦᠭᠦᠨ ᠢ ᠡᠵᠠᠤᠨ ᠰᠠᠭᠢᠭᠤᠯᠰᠤᠨ ᠲᠡᠶ ᠭᠡᠵᠤ ᠥᠵᠡᠳᠡᠭ᠌ ᠨᠢ ᠭᠦᠮᠤᠨ ᠲᠦᠷᠦᠯᠭᠢᠳᠠᠨ ᠤ ᠨᠢᠯᠬᠠᠰᠠᠭ ᠥᠶ᠎ᠡ ᠳ᠋ᠠᠭᠢ ᠪᠠᠢ᠌ᠭᠠᠯᠢ ᠶ‍ᠢᠷᠳᠢᠠᠴᠤ ᠶᠢᠨ ᠲᠦᠮᠡᠨ ᠪᠣᠳᠠᠰ᠂ ᠥᠵᠡᠭ᠍ᠳᠡᠯ ᠤᠨ ᠳᠤᠬᠠᠢ ᠭᠡᠢ ᠳᠠᠭᠠᠮᠠᠭᠯᠠᠯ ᠪᠣᠯᠬᠤ ᠳᠤᠯᠠ ᠡᠨᠠ ᠨᠢ ᠤᠳᠤ ᠥᠶ᠎ᠡ ᠶᠢᠨ ᠭᠦᠮᠦᠰ ᠲᠤ ᠢᠳᠡᠭᠡᠭ᠍ᠳᠡᠰᠢ ᠥᠭᠡᠢ ᠶᠠᠭᠤᠮ᠎ᠠ ᠪᠣᠯᠵᠠᠢ᠃ ᠡᠢ᠌ᠮᠤ ᠡᠴᠠ ᠡᠢ᠌ᠮᠦᠷᠭᠦ ᠴᠡᠭᠡᠷᠯᠡᠭ᠍ᠰᠡᠨ ᠨᠠᠷ᠎ᠠ ᠪᠣᠶᠤ 《ᠡᠩᠭᠦᠷᠡᠢ ᠨᠠᠷ᠎ᠠ》 ᠦᠭ‍ᠭᠦ ᠵᠠᠩᠰᠢᠯ ᠨᠢ ᠨᠢᠭᠡᠨᠲᠡ ᠡᠳᠦᠭᠡ ᠥᠶ᠎ᠡ ᠶᠢᠨ ᠮᠤᠩᠭᠤᠯᠴᠤᠳ ᠤᠨ ᠨᠠᠷ᠎ᠠ ᠦᠭ‍ᠭᠦ ᠶᠤᠰᠤᠨ ᠳᠤ ᠨᠡᠢ᠌ᠴᠡᠭᠦ ᠪᠠᠨ ᠪᠣᠯᠢᠵᠤ ᠳᠡᠦᠭᠡ ᠪᠣᠯᠤᠨ ᠭᠡᠭᠡᠭ᠍ᠳᠡᠭ᠍ᠰᠡᠨ ᠪᠦᠭᠡᠳ ᠢᠩᠭᠢᠭᠦ ᠴᠤ ᠶᠤᠰᠤᠳᠠᠢ ᠶᠤᠮ᠃ ᠭᠡᠪᠠᠴᠤ ᠡ᠊ᠨᠳᠠ ᠭᠡᠯᠡᠭᠦ ᠭᠡᠰᠡᠨ ᠤᠴᠢᠷ ᠪᠣᠯ᠂ ᠮᠠᠨ ᠤ ᠠᠪᠣ ᠡᠵᠢ ᠪᠣᠶᠤ ᠡᠪᠦᠭᠡᠳ ᠨᠠᠰᠤᠳᠠᠤᠨ ᠤᠨ ᠳᠤᠮᠳᠠ ᠡᠢ᠌ᠮᠤ ᠨᠠᠷ᠎ᠠ ᠲᠡᠶ ᠭᠦᠮᠤᠨ ᠬᠠᠶᠠ ᠥᠭᠡᠢ ᠬᠠᠷᠠᠭᠳᠠᠭᠰᠠᠭᠠᠷ ᠪᠣᠢ᠃ ᠡᠭᠦᠨ ᠢ ᠪᠢᠳᠠ ᠬᠠᠴᠢᠷᠬᠠᠵᠤ ᠭᠠᠢ᠌ᠬᠠᠬᠤ ᠤᠴᠢᠷ ᠥᠭᠡᠢ ᠪᠢᠯᠠ᠃ ᠨᠠᠩ ᠴᠤ ᠮᠤᠩᠭᠤᠯ ᠭᠦᠮᠤᠨ ᠤ ᠨᠠᠷ᠎ᠠ ᠭᠡᠳᠡᠭ᠌ ᠴᠢᠨᠢ ᠡᠢ᠌ᠮᠤ ᠮᠠᠭᠤᠬᠠᠢ ᠶᠠᠭᠤᠮ᠎ᠠ ᠪᠠᠢ᠌ᠨ᠎ᠡ᠂ ᠭᠡᠯᠡ ᠨᠢ ᠶᠠᠳᠠᠭᠤ ᠡᠴᠠ ᠪᠣᠯᠴᠢᠬᠠᠪᠠᠤ︖᠂ ᠶᠤᠰᠤ ᠵᠢᠷᠤᠮ ᠥᠭᠡᠢ ᠡᠴᠠ ᠪᠣᠯᠴᠢᠬᠠᠪᠠᠤ︖ ᠭᠡᠮᠡᠨ ᠡᠰᠡᠷᠭᠦᠤ ᠪᠠᠷ ᠰᠠᠳᠭᠢᠨ ᠪᠣᠷᠤᠭᠤ ᠪᠠᠷ ᠤᠢ᠌ᠯᠠᠭᠠᠵᠤ ᠪᠣᠯᠬᠤ ᠥᠭᠡᠢ᠃ ᠤᠴᠢᠷ ᠨᠢ᠂ ᠳᠠᠷᠠ ᠪᠣᠯ ᠳᠡᠭᠡᠷ᠎ᠡ ᠶᠠᠷᠢᠭᠰᠠᠨ ᠰᠢᠭ ᠳᠡᠦᠭᠡ ᠶᠢᠨ ᠰᠢᠯᠳᠠᠭᠠᠨ ᠲᠡᠶ᠂ ᠥᠪᠠᠷ ᠤᠨ ᠳᠦᠷᠢᠮ ᠭᠤᠷᠢᠮ ᠲᠡᠶ ᠨᠠᠷ᠎ᠠ ᠪᠠᠢ᠌ᠭ᠎ᠠ᠃

2. ᠨᠠᠷᠠᠯᠠᠨ ᠳᠠᠭᠤᠳᠠᠬᠤ ᠶᠢᠨ ᠴᠡᠭᠡᠷᠯᠡᠯ᠄ ᠳᠠᠷᠤᠢ ᠥᠭᠡ ᠶᠢ ᠴᠡᠭᠡᠷᠯᠡᠨ ᠭᠡᠯᠡᠭᠦ ᠶᠤᠰᠤ ᠪᠠᠷ ᠶᠠᠮᠠᠷ ᠨᠢᠭᠡᠨ ᠰᠢᠯᠳᠠᠭᠠᠨ ᠡᠴᠠ ᠪᠣᠯᠵᠤ ᠭᠦᠮᠤᠨ ᠢ ᠰᠢᠭᠤᠳ ᠨᠠᠷ᠎ᠠ ᠪᠠᠷ ᠳᠠᠭᠤᠳᠠᠬᠤ ᠥᠭᠡᠢ᠂ ᠥᠭᠡᠷ᠎ᠡ ᠥᠭᠡ ᠪᠠᠷ ᠨᠢ ᠤᠷᠤᠯᠠᠭᠤᠯᠤᠨ ᠡᠶᠡᠷᠡᠭᠦᠯᠵᠤ ᠳᠠᠭᠤᠳᠠᠬᠤ ᠶᠢ ᠭᠡᠯᠡᠵᠤ ᠪᠣᠢ᠃ ᠮᠤᠩᠭᠤᠯᠴᠤᠳ ᠤᠨ ᠨᠠᠷᠠᠯᠠᠨ ᠳᠠᠭᠤᠳᠠᠬᠤ ᠶᠢᠨ ᠴᠡᠭᠡᠷᠯᠡᠯ ᠨᠢ ᠶᠡᠷᠦᠩᠭᠡᠢ ᠳᠡᠭᠡᠨ ᠳᠡᠭᠡᠳᠦᠰ ᠪᠠ ᠶᠡᠭᠡᠰ ᠠᠬᠠᠮᠠᠤᠨ ᠶᠢᠡᠨ ᠭᠦᠡᠳᠦᠯᠡᠭᠦ ᠶᠢᠨ ᠳᠦᠯᠦᠭᠡ ᠨᠠᠷ᠎ᠠ ᠶᠢ ᠨᠢ ᠭᠡᠯᠡᠭᠦ ᠶᠢ ᠴᠡᠭᠡᠷᠯᠡᠭᠦ ᠶᠤᠰᠤ ᠲᠡᠶ ᠪᠠᠢ᠌ᠳᠠᠭ᠃

ᠡᠭᠦᠨ ᠳᠤ ᠥᠪᠠᠷ ᠤᠨ ᠰᠢᠳᠠᠷ ᠲᠦᠷᠦᠯ ᠤᠨ ᠳᠡᠭᠡᠳᠦᠰ ᠪᠣᠶᠤ ᠨᠥᠭ᠍ᠴᠢᠭ᠍ᠰᠡᠳ᠂ ᠠᠪᠣ ᠡᠵᠢ ᠶᠢᠨ ᠨᠠᠷ᠎ᠠ ᠶᠢ ᠬᠠᠮᠢᠭ᠎ᠠ᠂ ᠭᠡᠨ ᠳᠤ ᠴᠤ ᠥᠯᠤ ᠭᠡᠯᠡᠭᠦ ᠴᠢᠩᠭ᠎ᠠ ᠴᠡᠭᠡᠷᠯᠡᠯ ᠲᠡᠶ ᠪᠦᠭᠡᠳ ᠬᠠᠭᠠᠨ ᠢᠵᠠᠭᠤᠷᠳᠠᠨ᠂ ᠭᠡᠭᠡᠨ ᠬᠤᠪᠢᠯᠭᠠᠨ᠂ ᠪᠠᠭᠰᠢ ᠠᠴᠢᠯᠠᠯᠳᠠᠨ ᠤ ᠨᠠᠷ᠎ᠠ ᠶᠢ ᠭᠡᠯᠡᠭᠦ ᠶᠢ ᠮᠦᠨ ᠴᠡᠭᠡᠷᠯᠡᠵᠤ᠂ ᠵᠢᠴᠢ ᠲᠦᠷᠦᠯ ᠰᠠᠳᠤᠨ ᠪᠣᠰᠤ ᠡᠩ ᠤᠨ ᠠᠬᠠᠰ ᠵᠠᠬᠠᠰ ᠭᠦᠮᠤᠨ ᠢ ᠴᠤ ᠰᠢᠭᠤᠳ ᠨᠠᠷᠠᠯᠠᠨ ᠳᠠᠭᠤᠳᠠᠳᠠᠭ ᠥᠭᠡᠢ ᠶᠤᠮ᠃ ᠢᠯᠠᠩᠭᠤᠶ᠎ᠠ ᠦᠩᠭᠡᠷᠡᠭ᠍ᠰᠡᠨ ᠴᠠᠭ ᠥᠶ᠎ᠡ ᠳᠤ ᠴᠡᠭᠡᠷᠯᠡᠨ ᠳᠠᠭᠤᠳᠠᠬᠤ ᠵᠣᠢ᠌ᠯ ᠤᠨ ᠠᠭᠤᠯᠭ᠎ᠠ ᠨᠢ ᠨᠠᠩ ᠠᠷᠪᠢᠨ ᠪᠠᠢ᠌ᠭᠰᠠᠨ ᠪᠦᠭᠡᠳ ᠮᠠᠰᠢ ᠴᠢᠩᠭ᠎ᠠ ᠳᠦᠷᠢᠮ ᠵᠢᠷᠤᠮᠯᠠᠯ ᠲᠡᠶ ᠪᠠᠢ᠌ᠪᠠ᠃ ᠡᠭᠦᠨ ᠡᠴᠠ ᠵᠠᠷᠢᠮ ᠵᠣᠢ᠌ᠯ ᠢ ᠨᠢ ᠵᠢᠱᠢᠶᠠᠯᠠᠨ ᠶᠠᠷᠢᠪᠠᠯ᠄

ᠠᠬᠠᠮᠠᠤᠨ ᠤᠨ ᠭᠢᠨᠢ ᠨᠠᠷ᠎ᠠ ᠲᠡᠶ ᠠᠳᠠᠯᠢ ᠨᠠᠷ᠎ᠠ ᠲᠡᠶ ᠶᠠᠭᠤᠮ᠎ᠠ ᠥᠵᠡᠭ᠍ᠳᠡᠯ ᠢ ᠴᠤ ᠤᠤᠯ ᠨᠠᠷ᠎ᠠ ᠪᠠᠷ ᠭᠡᠯᠡᠭᠦ ᠥᠭᠡᠢ᠂ ᠥᠭᠡᠷ᠎ᠡ ᠥᠭᠡ ᠪᠠᠷ ᠤᠷᠦᠯᠡᠭᠦᠯᠤᠨ ᠭᠡᠯᠡᠳᠡᠭ᠌᠃ ᠳᠠᠷᠤᠢ ᠠᠬᠠᠮᠠᠤᠨ ᠳᠤᠨᠢ ᠪᠠᠳᠤ᠂ ᠰᠥᠭᠡ᠂ ᠰᠠᠷᠠᠨ᠂ ᠴᠡᠴᠡᠭ᠌ ᠭᠡᠮᠡᠭᠦ ᠨᠠᠷ᠎ᠠ ᠲᠡᠶ ᠭᠦᠮᠤᠨ ᠪᠠᠢ᠌ᠬᠤ ᠪᠠᠷ ᠪᠣᠳᠤᠪᠠᠯ᠄ ᠪᠠᠳᠤᠳᠠᠢ ᠪᠣᠯᠤᠯ᠎ᠠ᠂ ᠰᠥᠭᠡ ᠪᠠᠷ ᠴᠤᠭᠢ᠂ ᠰᠠᠷᠠ ᠭᠠᠷᠤᠯ᠎ᠠ᠂ ᠴᠡᠴᠡᠭ᠌ ᠳᠡᠯᠭᠡᠷᠡᠯ᠎ᠡ ᠭᠡᠭᠦ ᠮᠠᠳᠤ ᠪᠠᠷ ᠭᠡᠯᠡᠭᠦ ᠥᠭᠡᠢ᠂ ᠡᠳᠡᠭᠡᠷ ᠠᠭᠤᠯᠭ᠎ᠠ ᠶᠢ ᠥᠭᠡᠷ᠎ᠡ ᠥᠭᠡᠰ ᠶᠢᠡᠷ ᠢᠯᠡᠳᠭᠡᠭᠦ ᠭᠡᠷᠡᠭ᠍ᠳᠡᠢ ᠪᠠᠢ᠌ᠳᠠᠭ᠃ ᠭᠡᠷᠪᠡ ᠠᠢ᠌ᠯ ᠰᠠᠭᠠᠭᠠᠯᠳᠠ ᠳ᠋ᠤᠨᠢ ᠠᠬᠠᠮᠠᠤᠨ ᠤᠨ ᠭᠢᠨᠢ ᠨᠠᠷ᠎ᠠ ᠲᠡᠶ ᠠᠳᠠᠯᠢ ᠪᠣᠶᠤ ᠠᠳᠠᠯᠢᠪᠳᠤᠷ ᠨᠠᠷ᠎ᠠ ᠲᠡᠶ ᠬᠡᠦᠬᠡᠳ ᠪᠠᠭᠠᠴᠤᠳ ᠪᠠᠢ᠌ᠪᠠᠯ ᠨᠠᠷ᠎ᠠ ᠪᠠᠷ ᠨᠢ ᠳᠠᠭᠤᠳᠠᠬᠤ ᠥᠭᠡᠢ᠂ ᠬᠠᠷᠢᠨ ᠪᠠᠷᠠᠭᠤᠨ ᠠᠢ᠌ᠯ ᠤᠨ ᠳᠡᠭᠦᠤ᠂ ᠭᠡᠨ ᠭᠡᠨ ᠤ ᠠᠬ᠎ᠠ ᠨᠢ᠂ ᠳᠡᠭᠦᠤ ᠨᠢ (ᠠᠬ᠎ᠠ ᠳᠡᠭᠦᠤ ᠶᠢᠨ ᠭᠢᠨᠢ ᠨᠠᠷ᠎ᠠ ᠪᠠᠷ ᠳᠤᠳᠤᠤᠠᠬᠠᠬᠤ) ᠭᠡᠭᠦ ᠪᠣᠶᠤ 《ᠶᠡᠭᠡ ᠨᠠᠷᠠᠳᠤ》᠂ 《ᠭᠡᠴᠡᠭᠦᠤ ᠨᠠᠷᠠᠳᠤ》 ᠭᠡᠭᠦ ᠮᠠᠳᠤ ᠪᠠᠷ ᠳᠠᠭᠤᠳᠠᠨ᠎ᠡ᠃

ᠡᠭᠦᠨ ᠶᠢᠡᠷ ᠪᠠᠷᠠᠬᠤ ᠥᠭᠡᠢ᠂ ᠠᠬᠠᠮᠠᠤᠨ ᠤᠨ ᠨᠠᠷ᠎ᠠ ᠶᠢᠨ ᠡᠭᠢᠨ ᠤ ᠥᠶ᠎ᠡ ᠶᠢᠨ ᠳᠠᠭᠤᠳᠠᠯᠭ᠎ᠠ ᠶᠢ ᠴᠤ ᠴᠡᠭᠡᠷᠯᠡᠭᠦ ᠥᠵᠡᠭ᠍ᠳᠡᠯ ᠪᠣᠢ᠃ ᠳᠤᠬᠠᠢ᠌ᠯᠠᠪᠠᠯ᠂ ᠠᠪᠣ ᠡᠵᠢ᠂ ᠡᠪᠦᠭᠡ ᠡᠮᠡᠭᠡ ᠪᠣᠶᠤ ᠬᠠᠳᠠᠮ ᠤᠳ ᠵᠡᠷᠭᠡ ᠥᠪᠠᠷ ᠤᠨ ᠳᠡᠭᠡᠳᠤ ᠥᠶ᠎ᠡ ᠳᠤᠨᠢ 《ᠪᠣᠶᠠᠨ》᠂ 《ᠮᠢᠳᠤᠭ》 ᠭᠡᠭᠦ ᠨᠠᠷ᠎ᠠ ᠲᠡᠶ ᠭᠦᠮᠤᠨ ᠪᠠᠢ᠌ᠬᠤ ᠪᠠᠷ ᠪᠣᠳᠤᠪᠠᠯ 《ᠪᠣ》᠂ 《ᠮᠢ᠊》 ᠶᠢ ᠴᠤ ᠴᠡᠭᠡᠷᠯᠡᠨ᠎ᠡ᠃

ᠪᠠᠷᠢᠶᠠᠤᠨ ᠤᠨ ᠴᠡᠭᠡᠷᠯᠡᠭᠦ ᠶᠤᠰᠤ ᠨᠢ ᠨᠠᠩ ᠴᠤ ᠴᠢᠩᠭ᠎ᠠ ᠪᠠᠢ᠌ᠳᠠᠭ᠃ ᠪᠠᠷᠢ ᠪᠣᠯᠤᠭᠰᠠᠤᠨ ᠥᠪᠠᠷ ᠤᠨ ᠠᠬᠠᠮᠠᠤᠨ ᠤᠨ ᠨᠠᠷ᠎ᠠ ᠶᠢ ᠴᠡᠭᠡᠷᠯᠡᠭᠦ ᠪᠠᠷ ᠪᠠᠷᠠᠬᠤ ᠥᠭᠡᠢ ᠬᠠᠳᠠᠮ ᠤᠨ ᠳᠠᠯ᠎ᠠ ᠶᠢᠨ ᠠᠬᠠᠮᠠᠤᠨ᠂ ᠭᠡᠷ ᠤᠨ ᠡᠵᠠᠨ ᠤ ᠪᠠᠨ ᠨᠠᠷ᠎ᠠ ᠶᠢ ᠴᠤ ᠴᠡᠭᠡᠷᠯᠡᠭᠦ ᠵᠢᠷᠤᠮ ᠲᠡᠶ ᠶᠤᠮ᠃ ᠡᠭᠦᠨ ᠳᠤ ᠭᠡᠷ ᠤᠨ ᠡᠵᠠᠨ (ᠥᠪᠠᠷ ᠤᠨ ᠡᠷ᠎ᠠ) ᠵᠢᠡᠨ 《ᠮᠠᠨ ᠤ ᠬᠠᠷ᠎ᠠ ᠭᠦᠮᠤᠨ》᠂ 《ᠭᠡᠷ ᠤᠨ ᠡᠵᠠᠨ》᠂ 《ᠮᠠᠨ ᠤ ᠭᠢᠨ》᠂ 《ᠮᠠᠨ ᠤ ᠭᠦᠮᠤᠨ》᠂ 《ᠬᠡᠦᠬᠡᠳ ᠤᠨ ᠠᠪᠣ》᠂ 《ᠳᠠᠷᠠ》 ᠭᠡᠭᠦ ᠪᠣᠶᠤ ᠭᠡᠨ ᠭᠡᠨ ᠤ ᠠᠬ᠎ᠠ ᠨᠢ ᠭᠡᠭᠦ ᠮᠠᠳᠤ ᠪᠠᠷ ᠳᠠᠭᠤᠳᠠᠳᠠᠭ᠃ ᠭᠡᠷᠪᠡ ᠪᠠᠷᠢᠶᠠᠤᠨ ᠤᠨ ᠨᠠᠷ᠎ᠠ ᠨᠢ ᠬᠠᠳᠠᠮ ᠤᠳ ᠤᠨ ᠭᠢᠨᠢ ᠠᠯᠢ ᠨᠢᠭᠡᠨ ᠠᠬᠠᠮᠠᠤᠨ ᠲᠡᠶ ᠨᠢ ᠨᠠᠷ᠎ᠠ ᠳᠠᠪᠬᠤᠴᠠᠭᠰᠠᠨ ᠪᠠᠢ᠌ᠪᠠᠯ ᠬᠠᠳᠠᠮ ᠤᠨ ᠳᠠᠯ᠎ᠠ ᠡᠴᠠ ᠪᠠᠷᠢ ᠳᠡᠭᠡᠨ ᠥᠭᠡᠷ᠎ᠡ ᠨᠠᠷ᠎ᠠ ᠤᠯᠭᠤᠬᠤ ᠶᠤᠰᠤ ᠵᠠᠩᠰᠢᠯ ᠲᠡᠶ ᠪᠠᠢ᠌ᠳᠠᠭ᠃

ᠮᠤᠩᠭᠤᠯᠴᠤᠳ ᠨᠠᠰᠤ ᠨᠥᠭ᠍ᠴᠢᠭ᠍ᠰᠡᠳ ᠤᠨ ᠨᠠᠷ᠎ᠠ ᠶᠢ ᠥᠯᠤ ᠳᠠᠭᠤᠳᠠᠬᠤ ᠮᠠᠰᠢ ᠴᠢᠩᠭ᠎ᠠ ᠴᠡᠭᠡᠷᠯᠡᠯ ᠲᠡᠶ ᠶᠤᠮ᠃ ᠡᠭᠦᠨ ᠳᠤ ᠲᠦᠷᠦᠯ ᠪᠠ ᠲᠦᠷᠦᠯ ᠪᠣᠰᠤ ᠭᠦᠮᠤᠨ᠂ ᠳᠡᠭᠡᠷ᠎ᠡ ᠳᠤᠤᠷ᠎ᠠ ᠥᠶ᠎ᠡ ᠶᠢᠨ ᠭᠦᠮᠤᠨ ᠤ ᠠᠯᠢ ᠨᠢᠭᠡ ᠶᠢᠨ ᠴᠤ ᠨᠠᠷ᠎ᠠ ᠶᠢ ᠨᠢ ᠭᠡᠯᠡᠵᠤ ᠪᠣᠯᠳᠠᠭ ᠥᠭᠡᠢ᠃ ᠭᠡᠭᠦ ᠳᠡᠭᠡᠨ ᠠᠮᠢᠳᠤ ᠭᠦᠮᠤᠨ ᠲᠡᠶ ᠠᠳᠠᠯᠢ ᠪᠠᠷ ᠰᠢᠭᠤᠳ ᠠᠪᠣ ᠡᠵᠢ᠂ ᠠᠬ᠎ᠠ ᠳᠡᠭᠦᠤ᠂ ᠭᠦᠤ ᠭᠡᠦᠭᠡᠨ ᠭᠡᠮᠡᠨ ᠳᠠᠭᠤᠳᠠᠬᠤ ᠥᠭᠡᠢ᠂ ᠬᠠᠷᠢᠨ 《ᠪᠣᠷᠬᠠᠨ ᠪᠣᠯᠤᠭᠴᠢ》᠂ 《ᠪᠣᠷᠬᠠᠨ ᠠᠪᠣ》᠂ 《ᠪᠦᠷᠢᠯᠭᠡᠭ᠍ᠴᠢ》᠂ 《ᠳᠠᠯᠠᠢ᠌ᠭᠴᠢ》᠂ 《ᠦᠩᠭᠡᠷᠡᠭ᠍ᠴᠢ》 ᠭᠡᠭᠦ ᠪᠣᠶᠤ 《ᠦᠩᠭᠡᠷᠡᠭ᠍ᠴᠢ ᠡᠵᠢ》᠂ 《ᠵᠢᠯᠢᠭ᠍ᠴᠢ ᠠᠬ᠎ᠠ》 (ᠡᠭᠡᠴᠢ᠂ ᠳᠡᠭᠦᠤ᠂ ᠭᠦᠤ᠂ ᠭᠡᠦᠭᠡᠨ) ᠭᠡᠭᠦ ᠮᠠᠳᠤ ᠪᠠᠷ ᠳᠠᠭᠤᠳᠠᠳᠠᠭ᠃ ᠡᠭᠦᠨ ᠳᠤ᠄ 《ᠨᠥᠭ᠍ᠴᠢᠭ᠍ᠰᠡᠨ ᠭᠦᠮᠤᠨ ᠤ ᠨᠠᠷ᠎ᠠ ᠶᠢ ᠨᠢᠭᠡ ᠳᠠᠭᠤᠳᠠᠪᠠᠯ᠂ ᠭᠡᠭᠦᠷ ᠶᠠᠰᠤ ᠨᠢ ᠭᠤᠷᠪᠠ ᠥᠡᠳᠡᠢ᠌ᠨ᠎ᠡ》 ᠭᠡᠭᠦ ᠭᠡᠯᠡᠯᠭᠡ ᠪᠣᠢ᠃ ᠭᠡᠷᠪᠡ ᠨᠥᠭ᠍ᠴᠢᠭ᠍ᠰᠡᠨ ᠭᠦᠮᠤᠨ ᠤ ᠨᠠᠷ᠎ᠠ ᠶᠢ ᠰᠠᠨᠠᠮᠰᠠᠷ ᠥᠭᠡᠢ ᠭᠡᠯᠡᠵᠤ ᠭᠠᠷᠭᠠᠬᠤ ᠳᠤ ᠭᠦᠷᠪᠠᠯ ᠬᠠᠮᠤᠭ ᠶᠡᠭᠡ ᠶᠤᠰᠤ ᠠᠯᠳᠠᠭᠰᠠᠨ ᠶᠠᠪᠣᠳᠠᠯ ᠪᠣᠯᠤᠨ᠎ᠡ᠃ ᠰᠤᠨᠤᠰᠤᠭᠰᠠᠨ ᠭᠦᠮᠤᠨ ᠨᠢ ᠴᠤ᠄ 《ᠶᠠᠰᠤ ᠶᠢ ᠨᠢ ᠪᠠᠰᠠ ᠠᠮᠤᠷᠠᠭᠤᠯᠬᠤ ᠥᠭᠡᠢ ᠦᠦ︕》 ᠭᠡᠮᠡᠨ ᠶᠡᠭᠡᠳᠡ ᠠᠭᠤᠷᠯᠠᠳᠠᠭ᠃ ᠶᠠᠷᠤ ᠨᠢ ᠠᠪᠣ ᠡᠵᠢ᠂ ᠥᠢᠷ᠎ᠡ ᠲᠦᠷᠦᠯ ᠤᠨ ᠳᠡᠭᠡᠳᠦᠰ ᠤᠨ ᠠᠮᠢᠳᠤ ᠪᠠ ᠨᠥᠭ᠍ᠴᠢᠭ᠍ᠰᠡᠳ ᠤᠨ ᠠᠯᠢ ᠶᠢ ᠴᠤ ᠭᠡᠰᠡᠨ ᠥᠭᠡᠢ ᠨᠠᠷ᠎ᠠ ᠶᠢ ᠨᠢ ᠳᠤᠷᠠᠳᠬᠤ ᠶᠠᠪᠣᠳᠠᠯ ᠪᠣᠯ ᠮᠤᠩᠭᠤᠯᠴᠤᠳ ᠤᠨ ᠬᠠᠮᠤᠭ ᠶᠡᠭᠡ ᠶᠤᠰᠤ ᠠᠯᠳᠠᠭᠰᠠᠨ ᠤᠴᠢᠷ ᠪᠠ ᠬᠠᠮᠤᠭ ᠤᠨ ᠮᠠᠭᠤ ᠢᠷᠸ᠎ᠠ ᠲᠡᠶ ᠬᠠᠷᠢᠶᠠᠯ ᠨᠢ ᠪᠣᠯᠤᠨ᠎ᠡ᠃

ᠨᠠᠷᠠᠯᠠᠨ ᠳᠠᠭᠤᠳᠠᠬᠤ ᠶᠢᠨ ᠴᠡᠭᠡᠷᠯᠡᠯ ᠶᠤᠰᠤ ᠨᠢ ᠳᠡᠭᠦᠨ ᠤ ᠡᠰᠢ ᠡᠭᠦᠰᠪᠦᠷᠢ ᠶᠢᠨ ᠬᠤᠪᠢ ᠳᠤ ᠮᠦᠨ ᠭᠡᠷᠡᠭ᠌ ᠪᠣᠳᠠᠰ ᠪᠦᠭᠦᠨ ᠡᠵᠠᠤᠨ ᠰᠠᠭᠢᠭᠤᠯᠰᠤᠨ ᠲᠡᠶ ᠭᠡᠵᠤ ᠥᠵᠡᠭᠦ ᠡᠷᠳᠡᠨ ᠤ ᠱᠠᠰᠢᠨ ᠰᠢᠳᠦᠭᠡᠨ ᠲᠡᠶ ᠬᠤᠯᠪᠣᠭᠠᠳᠠᠢ ᠪᠦᠭᠡᠳ ᠬᠠᠭᠠᠤᠨ ᠨᠤᠶᠠᠤᠨ᠂ ᠭᠡᠭᠡᠨ ᠬᠤᠪᠢᠯᠭᠠᠨ ᠤ ᠨᠠᠷ᠎ᠠ ᠶᠢ ᠴᠡᠭᠡᠷᠯᠡᠭᠦ ᠵᠡᠷᠭᠡ ᠠᠭᠤᠯᠭ᠎ᠠ ᠨᠢ ᠹᠧᠤᠳᠠᠯ ᠶᠤᠰᠤ᠂ ᠪᠣᠷᠬᠠᠨ ᠱᠠᠰᠢᠨ ᠤ ᠭᠦᠯᠢᠶᠡᠰᠦᠯᠡᠯ ᠤᠨ ᠠᠬᠤᠭᠤᠯᠤᠭᠳᠠᠬᠤᠨ ᠲᠡᠶ ᠪᠣᠯᠤᠭᠰᠠᠨ ᠪᠠᠢ᠌ᠨ᠎ᠡ᠃ ᠭᠡᠪᠠᠴᠤ ᠳᠡᠭᠦᠨ ᠤ ᠭᠤᠤᠯ ᠵᠣᠢ᠌ᠯᠠᠰ ᠨᠢ ᠶᠡᠭᠡᠰ ᠠᠬᠠᠰ ᠶᠢᠡᠨ ᠭᠦᠡᠳᠦᠳᠭᠡᠭᠦ ᠪᠣᠯᠪᠠᠰᠤᠨ ᠶᠤᠰᠤ ᠰᠤᠷᠳᠤᠬᠤᠨ ᠤ ᠨᠢᠭᠡᠨ ᠭᠡᠯᠪᠠᠷᠢ ᠪᠣᠯᠤᠨ ᠭᠦᠭ᠍ᠵᠢᠭ᠍ᠰᠡᠨ ᠪᠠᠢ᠌ᠳᠠᠭ ᠳᠤᠯᠠ ᠮᠠᠰᠢ ᠢᠳᠠᠪᠭᠢ ᠴᠢᠨᠠᠷ ᠲᠡᠶ ᠶᠤᠮ᠃ ᠤᠴᠢᠷ ᠨᠢ᠂ ᠮᠤᠩᠭᠤᠯᠴᠤᠳ ᠡᠷᠳᠡᠨ ᠤ ᠳᠤᠲ᠋ᠸᠮ ᠤᠨ ᠰᠢᠳᠦᠭᠡᠨ ᠡᠴᠠ ᠠᠪᠣᠭᠠᠤᠨ ᠡᠪᠦᠭᠡ ᠳᠡᠭᠡᠳᠦᠰ ᠤᠨ ᠰᠢᠳᠦᠭᠡᠨ᠂ ᠶᠡᠭᠡᠰ ᠨᠠᠰᠤᠳᠠᠤᠨ᠂ ᠠᠪᠣ ᠡᠵᠢ᠂ ᠠᠬ᠎ᠠ ᠡᠭᠡᠴᠢ ᠠᠯᠢᠪᠠ ᠭᠦᠡᠳᠦᠯᠡᠵᠤ ᠳᠡᠭᠡᠳᠦᠯᠡᠭᠦ ᠭᠦᠮᠤᠨ (ᠰᠠᠭᠢᠭᠤᠯᠰᠤᠨ ᠪᠠ ᠰᠦᠨᠠᠰᠤ ᠴᠤ ᠪᠠᠭᠳᠠᠨ᠎ᠡ) ᠤ ᠨᠠᠷ᠎ᠠ ᠶᠢ ᠳᠠᠭᠤᠳᠠᠬᠤ ᠶᠢ ᠴᠡᠭᠡᠷᠯᠡᠳᠡᠭ᠌ ᠠᠵᠢ᠃ ᠡᠨᠡᠭᠦ ᠤᠨᠴᠠᠯᠢᠭ ᠡᠴᠠ ᠥᠵᠡᠪᠠᠯ᠂ ᠭᠦᠮᠤᠨ ᠢ ᠨᠠᠷ᠎ᠠ ᠪᠠᠷ ᠨᠢ ᠳᠠᠭᠤᠳᠠᠬᠤ ᠶᠢ ᠴᠡᠭᠡᠷᠯᠡᠭᠦ ᠶᠠᠪᠣᠳᠠᠯ ᠨᠢ ᠭᠦᠡᠳᠦᠯᠡᠵᠤ ᠶᠤᠰᠤᠷᠬᠠᠬᠤ ᠶᠢᠨ ᠭᠡᠷᠡᠭ᠍ᠴᠡᠭᠡ ᠡᠴᠠ ᠪᠣᠯᠤᠭᠰᠠᠨ ᠭᠡᠯᠳᠡᠢ ᠪᠢᠯᠠ᠃

ᠭᠦᠮᠤᠨ ᠤ ᠨᠠᠷ᠎ᠠ ᠨᠢ ᠶᠠᠭᠠᠭᠢᠭᠠᠤᠨ ᠭᠦᠡᠳᠦᠯᠡᠭᠦ ᠡᠰᠡᠭᠦ ᠤᠴᠢᠷ ᠲᠡᠶ ᠬᠤᠯᠪᠣᠭᠳᠠᠯ ᠲᠡᠶ ᠪᠠᠢ᠌ᠳᠠᠭ ᠪᠣᠢ︖ ᠡᠭᠦᠨ ᠢ ᠪᠢᠳᠠ ᠰᠢᠡᠵᠢᠯᠡᠭᠦ ᠤᠬᠠᠭᠠᠨ ᠤ ᠵᠦᠢ ᠶᠤᠰᠤ ᠪᠠᠷ ᠨᠤᠳᠠᠯᠠᠬᠤ ᠡᠰᠢ ᠪᠠᠷᠢᠮᠳᠠ ᠥᠭᠡᠢ ᠪᠣᠯᠪᠠᠴᠤ ᠭᠦᠮᠤᠨ ᠤ ᠨᠠᠷ᠎ᠠ ᠶᠢᠨ ᠡᠭᠦᠰᠦᠯ ᠪᠠ ᠭᠦᠮᠤᠨ ᠤ ᠨᠠᠷ᠎ᠠ ᠳᠤ ᠠᠬᠤᠭᠤᠯᠤᠭᠳᠠᠵᠤ ᠪᠦᠭᠦᠢ ᠵᠠᠷᠢᠮ ᠤᠳᠬ᠎ᠠ ᠴᠢᠨᠠᠷ ᠤᠨ ᠳᠠᠯ᠎ᠠ ᠡᠴᠠ ᠵᠤᠭᠢᠬᠤ ᠭᠡᠮᠵᠢᠶᠡᠨ ᠤ ᠵᠣᠢ᠌ᠴᠢᠯᠠᠯ ᠭᠢᠵᠤ ᠪᠣᠯᠤᠮᠠᠷ ᠪᠠᠢ᠌ᠨ᠎ᠡ᠃

ᠭᠦᠮᠤᠨ ᠤ ᠨᠠᠷ᠎ᠠ ᠨᠢ ᠠᠯᠢ ᠡᠷᠳᠡ ᠳᠡᠭᠡᠨ ᠬᠡᠦᠬᠡᠳ ᠶᠢᠡᠨ ᠥᠭᠦᠭᠡᠷᠳᠡᠵᠤ ᠬᠠᠢ᠌ᠷᠠᠯᠠᠭᠰᠠᠨ ᠳᠠᠭᠤᠳᠠᠯᠭ᠎ᠠ ᠪᠣᠶᠤ ᠬᠡᠦᠬᠡᠳ ᠢ ᠢᠯᠭᠠᠨ ᠳᠤᠳᠤᠯᠠᠬᠤ ᠳᠤ ᠯᠠ ᠵᠤᠷᠢᠭᠤᠯᠤᠭᠰᠠᠨ ᠳᠡᠮᠳᠡᠭ᠌ ᠪᠠᠢ᠌ᠭᠰᠠᠨ ᠪᠠᠢ᠌ᠬᠤ ᠶᠤᠰᠤᠳᠠᠢ᠃ ᠡᠢ᠌ᠮᠤ ᠡᠴᠠ ᠭᠦᠮᠤᠨ ᠤ ᠨᠠᠷ᠎ᠠ ᠳᠤ ᠬᠡᠦᠬᠡᠳ ᠳᠡᠭᠦᠤ ᠨᠡᠷ ᠲᠡᠭᠡᠨ ᠬᠠᠠᠳᠤᠭᠰᠠᠨ ᠬᠠᠢ᠌ᠷ᠎ᠠ ᠡᠩᠭᠦᠷᠡᠢ᠌ᠯᠡᠯ ᠰᠢᠩᠭᠡᠵᠤ ᠪᠠᠢ᠌ᠳᠠᠭ ᠶᠢᠡᠷ ᠪᠠᠷᠠᠬᠤ ᠥᠭᠡᠢ ᠪᠠᠰᠠ ᠬᠡᠦᠬᠡᠳ ᠭᠡᠰᠡᠨ ᠰᠠᠨᠠᠭ᠎ᠠ᠂ ᠴᠢᠨᠠᠭᠰᠢᠳᠠ ᠥᠪᠠᠷ ᠤᠨ ᠭᠢᠨᠢ ᠭᠦᠤ᠂ ᠥᠭᠢᠨ ᠮᠦᠨ ᠭᠡᠰᠡᠨ ᠰᠠᠨᠠᠭ᠎ᠠ ᠴᠤ ᠠᠬᠤᠭᠤᠯᠤᠭᠳᠠᠵᠤ ᠪᠠᠢ᠌ᠭᠰᠠᠨ ᠠᠵᠢ᠃ ᠡᠢ᠌ᠨ ᠭᠦ ᠭᠦᠮᠤᠨ ᠤ ᠨᠠᠷ᠎ᠠ ᠶᠢ ᠳᠤᠤᠷ᠎ᠠ ᠥᠶ᠎ᠡ ᠪᠠ ᠳᠡᠭᠦᠤ ᠨᠡᠷ ᠭᠦᠮᠦᠰ ᠢ ᠳᠠᠭᠤᠳᠠᠬᠤ ᠳᠤ ᠭᠡᠷᠡᠭᠯᠡᠳᠡᠭ᠌ ᠡᠴᠠ ᠪᠢᠰᠢ ᠬᠠᠷᠢᠨ ᠳᠡᠭᠡᠷ᠎ᠡ ᠥᠶ᠎ᠡ ᠪᠠ ᠠᠬᠠᠰ ᠭᠦᠮᠤᠨ ᠢ ᠳᠠᠭᠤᠳᠠᠬᠤ ᠳᠤ ᠭᠡᠷᠡᠭᠯᠡᠳᠡᠭ᠌ ᠥᠭᠡᠢ ᠪᠢᠯᠠ᠃ ᠭᠡᠷᠪᠡ ᠳᠡᠭᠡᠷ᠎ᠡ ᠥᠶ᠎ᠡ ᠪᠠ ᠠᠬᠠᠰ ᠭᠦᠮᠤᠨ ᠢ ᠨᠠᠷ᠎ᠠ ᠪᠠᠷ ᠨᠢ ᠳᠠᠭᠤᠳᠠᠬᠤ ᠳᠤ ᠭᠦᠷᠪᠠᠯ ᠬᠡᠦᠬᠡᠳ ᠳᠡᠭᠦᠤ ᠨᠡᠷ (ᠠᠬᠠᠳᠠᠬᠤ ᠳᠠᠭᠠᠨ ᠥᠪᠠᠷ ᠤᠨ ᠪᠠᠶ᠎ᠠ ᠲᠡᠶ ᠪᠠᠨ ᠠᠳᠠᠯᠢ) ᠲᠡᠶ ᠪᠠᠨ ᠰᠠᠴᠠᠭᠤ ᠪᠠᠷ ᠥᠵᠡᠵᠤ ᠳᠤᠷᠤᠮᠵᠢᠯᠠᠭᠰᠠᠨ ᠤᠴᠢᠷ ᠪᠣᠯᠤᠨ᠎ᠡ᠃

ᠭᠦᠡᠳᠦᠳᠭᠡᠵᠤ ᠡᠩᠭᠦᠷᠡᠢ᠌ᠯᠡᠭᠦ ᠶᠢᠨ ᠶᠤᠰᠤᠨ ᠴᠦᠮ ᠭᠦᠮᠦᠰ ᠤᠨ ᠬᠤᠭᠤᠷᠤᠠᠳᠤᠭᠢ ᠳᠤᠳᠤᠨᠤᠰᠤᠭ ᠬᠠᠷᠢᠴᠠᠭ᠎ᠠ ᠶᠢ ᠢᠯᠡᠳᠭᠡᠳᠡᠭ᠌ ᠪᠣᠯᠪᠠᠴᠤ ᠴᠢᠭᠯᠡᠯ ᠤᠨ ᠬᠤᠪᠢ ᠳᠤ ᠡᠰᠡᠷᠭᠦ ᠳᠡᠰᠡᠷᠭᠦ ᠪᠠᠢ᠌ᠳᠠᠭ᠃ ᠥᠭᠡᠷ᠎ᠡ ᠪᠠᠷ ᠭᠡᠯᠡᠪᠠᠯ ᠠᠪᠣ ᠡᠵᠢ ᠳᠡᠭᠡᠨ ᠬᠠᠠᠳᠤᠭᠰᠠᠨ ᠤᠪᠦᠷ ᠰᠡᠳᠬᠢᠯᠭᠡ ᠭᠢᠭᠡᠳ ᠬᠡᠦᠬᠡᠳ ᠲᠡᠭᠡᠨ ᠬᠠᠠᠳᠤᠭᠰᠠᠨ ᠤᠪᠦᠷ ᠰᠡᠳᠬᠢᠯᠭᠡ ᠶᠢᠨ ᠪᠣᠳᠠᠳᠤ ᠠᠭᠤᠯᠭ᠎ᠠ ᠭᠡᠯᠪᠠᠷᠢ ᠨᠢ ᠠᠳᠠᠯᠢ ᠪᠣᠰᠤ ᠪᠠᠢ᠌ᠳᠠᠭ᠃

3. ᠥᠭᠡ ᠦᠯᠦ ᠳᠠᠪᠬᠤᠴᠠᠭᠤᠯᠬᠤ᠄ ᠮᠤᠩᠭᠤᠯᠴᠤᠳ ᠬᠡᠦᠬᠡᠳ ᠲᠡᠭᠡᠨ ᠨᠠᠷ᠎ᠠ ᠦᠭ‍ᠭᠦ ᠳᠡᠭᠡᠨ ᠳᠡᠭᠡᠷ᠎ᠡ ᠥᠶ᠎ᠡ ᠶᠢᠨ ᠥᠢᠷ᠎ᠡ ᠰᠠᠳᠤᠨ ᠤ ᠨᠠᠷ᠎ᠠ ᠲᠡᠶ ᠥᠯᠤ ᠳᠠᠪᠬᠤᠴᠠᠭᠤᠯᠬᠤ ᠶᠤᠰᠤ ᠵᠢᠷᠤᠮᠯᠠᠯ ᠲᠡᠶ ᠶᠤᠮ᠃ ᠡᠨᠠ ᠨᠢ ᠮᠦᠨ ᠶᠡᠭᠡᠰ ᠠᠬᠠᠮᠠᠤᠨ ᠤᠨ ᠨᠠᠷ᠎ᠠ ᠶᠢ ᠴᠡᠭᠡᠷᠯᠡᠨ ᠳᠠᠭᠤᠳᠠᠬᠤ ᠪᠠ ᠭᠦᠡᠳᠦᠯᠡᠭᠦ ᠶᠤᠰᠤᠨ ᠡᠴᠠ ᠳᠤᠭᠳᠠᠭᠠᠭᠳᠠᠭᠰᠠᠨ ᠡᠷᠭᠢᠮᠯᠡᠨ ᠵᠢᠷᠤᠮᠯᠠᠭᠤᠰᠢᠳᠠᠢ ᠨᠢᠭᠡᠨ ᠪᠣᠯᠪᠠᠰᠤᠨ ᠶᠤᠰᠤ ᠵᠠᠩᠰᠢᠯ ᠪᠣᠯᠤᠨ᠎ᠡ᠃ ᠡᠭᠦᠨ ᠤ ᠪᠣᠳᠠᠳᠤ ᠠᠭᠤᠯᠭ᠎ᠠ ᠭᠡᠪᠠᠯ᠄

(1) ᠨᠠᠷ᠎ᠠ ᠦᠭ‍ᠭᠦ ᠳᠡᠭᠡᠨ ᠳᠡᠭᠡᠷ᠎ᠡ ᠥᠶ᠎ᠡ ᠶᠢᠨ ᠰᠠᠳᠤᠨ ᠲᠦᠷᠦᠯ ᠭᠦᠮᠦᠰ ᠤᠨ ᠨᠠᠷ᠎ᠠ ᠲᠡᠶ ᠠᠳᠠᠯᠢ ᠨᠠᠷ᠎ᠠ ᠪᠠ ᠥᠭᠡ ᠳᠠᠪᠬᠤᠴᠠᠭᠰᠠᠨ ᠨᠠᠷ᠎ᠠ ᠥᠭ᠍ᠳᠡᠭ᠌ ᠥᠭᠡᠢ᠃ ᠵᠢᠱᠢᠶᠠᠯᠠᠪᠠᠯ᠄ ᠳᠡᠭᠡᠷ᠎ᠡ ᠥᠶ᠎ᠡ ᠶᠢᠨ ᠲᠦᠷᠦᠯ ᠰᠠᠳᠤᠨ ᠤ ᠳᠤᠳᠤᠷ᠎ᠠ ᠨᠢ ᠪᠠᠳᠤᠴᠢᠯᠠᠭᠤ ᠭᠡᠭᠦ ᠨᠠᠷ᠎ᠠ ᠲᠡᠶ ᠭᠦᠮᠤᠨ ᠪᠠᠢ᠌ᠪᠠᠯ ᠬᠡᠦᠬᠡᠳ ᠶᠢᠡᠨ ᠳᠤᠰ ᠨᠠᠷ᠎ᠠ ᠪᠠᠷ ᠪᠠ ᠪᠠᠳᠤ᠂ ᠴᠢᠯᠠᠭᠤ ᠭᠡᠭᠦ ᠥᠭᠡ ᠤᠷᠤᠭᠰᠡᠨ ᠨᠠᠷ᠎ᠠ ᠪᠠᠷ ᠨᠠᠷᠠᠯᠠᠵᠤ ᠪᠣᠯᠳᠠᠭ ᠥᠭᠡᠢ᠃

(2) ᠳᠦᠷᠦᠭ᠍ᠰᠡᠨ ᠡᠴᠢᠭᠡ ᠡᠭᠡ᠂ ᠡᠪᠦᠭᠡ ᠡᠮᠡᠭᠡ ᠵᠡᠷᠭᠡ ᠳᠡᠭᠡᠳᠦᠰ ᠤᠨ ᠭᠢᠨᠢ ᠨᠠᠷ᠎ᠠ ᠲᠡᠶ ᠠᠳᠠᠯᠢ ᠪᠠ ᠥᠭᠡ ᠳᠠᠪᠬᠤᠴᠠᠭᠰᠠᠨ ᠨᠠᠷ᠎ᠠ ᠦᠭ‍ᠭᠦ ᠥᠭᠡᠢ ᠪᠠᠢ᠌ᠬᠤ ᠶᠢ ᠨᠠᠩ ᠢᠯᠡᠭᠦᠤ ᠭᠡᠴᠢᠶᠡᠭᠦ ᠮᠥᠷᠳᠡᠭᠡᠨ ᠭᠡᠯᠪᠠᠷᠢ ᠳᠠᠭᠤᠳᠠᠯᠭ᠎ᠠ ᠶᠢᠨ ᠳᠠᠯ᠎ᠠ ᠪᠠᠷ ᠶᠡᠭᠡᠳᠡ ᠳᠦᠰᠦᠷᠭᠡᠭ᠌ ᠨᠠᠷ᠎ᠠ ᠶᠢ ᠴᠤ ᠥᠭ᠍ᠳᠡᠭ᠌ ᠥᠭᠡᠢ᠃ ᠵᠢᠱᠢᠶᠠᠯᠠᠪᠠᠯ᠄ ᠠᠳᠠᠯᠢ ᠪᠣᠰᠤ ᠥᠶ᠎ᠡ ᠶᠢᠨ ᠭᠦᠮᠦᠰ ᠤᠨ ᠬᠤᠭᠤᠷᠤᠠᠳᠤ ᠮᠦᠩᠭᠡᠨᠡᠰᠤᠨ᠂ ᠮᠦᠩᠭᠡᠪᠠᠭᠠᠲᠤᠷ᠂ ᠪᠠᠶᠡᠡᠮᠦ᠋ᠩᠭᠡ᠂ ᠪᠠᠳᠤᠪᠠᠶᠠᠨ ᠭᠡᠭᠦ ᠮᠠᠳᠤ ᠪᠠᠷ ᠥᠭᠡ ᠳᠠᠪᠬᠤᠴᠠᠵᠤ ᠪᠣᠯᠬᠤ ᠥᠭᠡᠢ ᠪᠦᠭᠡᠳ ᠡᠪᠦᠭᠡ ᠨᠢ ᠭᠡᠰᠢᠭ᠍ᠳᠤ᠂ ᠤᠮᠪᠦᠯ ᠨᠢ ᠴᠢᠳᠠᠯᠳᠤ ᠡᠴᠢᠭᠡ ᠨᠢ ᠳᠠᠯᠠᠠᠳᠠᠢ᠂ ᠭᠦᠤ ᠨᠢ ᠵᠢᠷᠠᠠᠳᠠᠢ ᠠᠪᠠᠭ᠎ᠠ ᠨᠢ ᠠᠶᠤᠩᠭ᠎ᠠ᠂ ᠠᠴᠢ ᠨᠢ ᠡᠦᠶᠡᠩᠭ᠎ᠠ ᠡᠭᠡ ᠨᠢ ᠤᠷᠢᠬᠠᠨ᠂ ᠥᠭᠢᠨ ᠨᠢ ᠡᠦᠶᠡᠬᠠᠨ ᠭᠡᠭᠦ ᠮᠠᠳᠤ ᠪᠠᠷ ᠳᠠᠭᠤᠳᠠᠯᠭ᠎ᠠ ᠶᠡᠭᠡᠳᠡ ᠥᠢᠷᠡᠯᠴᠠᠭ᠎ᠠ ᠪᠣᠯᠬᠤ ᠶᠢ ᠴᠡᠭᠡᠷᠯᠡᠳᠡᠭ᠌᠃

(3) ᠭᠡᠷᠪᠡ ᠳᠡᠭᠡᠷ᠎ᠡ ᠳᠤᠤᠷ᠎ᠠ ᠥᠶ᠎ᠡ ᠶᠢᠨ ᠭᠦᠮᠦᠰ ᠤᠨ ᠨᠠᠷ᠎ᠠ ᠳᠠᠪᠬᠤᠴᠠᠬᠤ ᠳᠤ ᠭᠦᠷᠪᠠᠯ ᠠᠯᠢ ᠨᠢᠭᠡ ᠶᠢᠨ ᠭᠢᠨ ᠨᠠᠷ᠎ᠠ ᠶᠢ ᠴᠡᠭᠡᠷᠯᠡᠨ ᠳᠠᠭᠤᠳᠠᠬᠤ ᠤᠴᠢᠷ ᠭᠠᠷᠬᠤ ᠪᠠᠷ ᠪᠠᠷᠠᠬᠤ ᠥᠭᠡᠢ᠃ ᠭᠦᠮᠦᠰ ᠲᠤ ᠠᠬ᠎ᠠ ᠳᠡᠭᠦᠤ ᠶᠢᠨ ᠬᠠᠷᠢᠴᠠᠭ᠎ᠠ ᠲᠡᠶ ᠭᠡᠵᠤ ᠤᠢ᠌ᠯᠠᠭᠠᠭᠳᠠᠬᠤ ᠪᠣᠯᠤᠨ᠎ᠡ᠃ ᠤᠴᠢᠷ ᠨᠢ ᠮᠤᠩᠭᠤᠯ ᠭᠦᠮᠤᠨ ᠤ ᠨᠠᠷ᠎ᠠ ᠦᠭ‍ᠭᠦ ᠶᠤᠰᠤᠨ ᠳᠤ ᠠᠳᠠᠯᠢ ᠥᠭᠡ ᠤᠷᠤᠭᠤᠯᠤᠭᠰᠠᠨ ᠨᠠᠷ᠎ᠠ ᠦᠭ‍ᠭᠦ (ᠨᠠᠢ᠌ᠯᠠᠮᠠᠯ ᠥᠭᠡ ᠪᠠᠷ ᠪᠦᠳᠦᠭ᠍ᠰᠡᠨ ᠨᠠᠷᠠᠰ ᠶᠢᠨ ᠠᠯᠢ ᠨᠢᠭᠡ ᠥᠭᠡ ᠶᠢ ᠨᠢ ᠠᠳᠠᠯᠢ ᠪᠣᠯᠭᠠᠬᠤ) ᠪᠣᠶᠤ ᠠᠳᠠᠯᠢᠪᠳᠤᠷ ᠨᠠᠷ᠎ᠠ ᠦᠭ‍ᠭᠦ ᠠᠷᠭ᠎ᠠ ᠪᠠᠷ ᠠᠬ᠎ᠠ ᠳᠡᠭᠦᠤ ᠶᠢᠨ ᠬᠤᠯᠪᠣᠭ᠎ᠠ ᠶᠢ ᠢᠯᠡᠳᠭᠡᠭᠦ ᠶᠤᠰᠤ ᠪᠠᠢ᠌ᠳᠠᠭ᠃ ᠵᠢᠱᠢᠶᠠᠯᠠᠪᠠᠯ᠄ ᠬᠠᠰᠪᠠᠳᠤ᠂ ᠬᠠᠰᠪᠣᠯᠤᠳ ᠭᠡᠭᠦ ᠨᠢᠭᠡ ᠭᠡᠷ ᠤᠨ ᠬᠤᠶᠠᠷ ᠭᠦᠮᠤᠨ ᠢ ᠠᠬ᠎ᠠ ᠳᠡᠭᠦᠤ ᠬᠤᠶᠠᠷ ᠯᠠ ᠭᠡᠵᠤ ᠤᠢ᠌ᠯᠠᠭᠠᠬᠤ ᠡᠴᠠ ᠪᠢᠰᠢ᠂ ᠡᠴᠢᠭᠡ ᠭᠦᠤ ᠪᠣᠶᠤ᠂ ᠡᠪᠦᠭᠡ ᠤᠮᠪᠦᠯ ᠬᠤᠶᠠᠷ ᠭᠡᠵᠤ ᠥᠵᠡᠭᠦ ᠶᠤᠰᠤ ᠥᠭᠡᠢ ᠶᠤᠮ᠃ 《ᠬᠠᠰ》 ᠭᠡᠳᠡᠭ᠌ ᠨᠢ ᠣᠪᠣᠭ ᠪᠢᠰᠢ ᠶᠤᠮ ᠬᠣᠢ᠌ᠨ᠎ᠡ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠣᠷᠳᠤᠰ ᠬᠤᠳᠠ

ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7510
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ