☆ ᠴ·ᠮᠦᠩᠭᠦᠨᠡᠷᠳᠡᠨᠢ
ᠨᠡᠭᠦᠳᠡᠯ ᠳᠤ ᠠᠮᠳᠠᠭᠳᠠᠬᠤ ᠠᠢ᠌ᠷᠠᠭ ᠤᠨ ᠦᠨᠦᠷ
ᠠᠢ᠌ᠷᠠᠭ ᠠᠮᠳᠠᠭᠳᠠᠬᠤ ᠨᠡᠭᠦᠳᠡᠯ ᠤᠨ ᠴᠢᠮᠡᠭᠡ ᠪᠠᠷ
ᠣᠶᠠᠬᠠᠨ ᠨᠠᠮᠤᠷ ᠮᠢᠨᠢ ᠭᠦᠪᠭᠡᠰ ᠭᠢᠯ᠎ᠠ᠂
ᠣᠳᠤᠷ ᠤᠨ ᠭᠢᠨ ᠡᠨᠡᠭᠦᠭᠡᠨ ᠳᠤ ᠪᠣᠴᠠᠨ᠎ᠠ ᠭᠡᠭᠦᠯ᠎ᠡ
ᠠᠭᠤᠯᠠᠨ ᠳᠤᠰᠬᠤᠨ ᠮᠢᠨᠢ ᠣᠪᠣᠰ ᠭᠢᠯ᠎ᠠ᠃
ᠠᠢ᠌ᠯ ᠪᠠᠢ᠌ᠭ᠎ᠠ ᠶᠢᠨ ᠬᠠᠯᠠᠭᠤᠬᠠᠨ ᠪᠣᠳᠤᠯ ᠢ
ᠣᠳᠤᠷ ᠤᠨ ᠭᠢᠨ ᠬᠤᠯᠠ ᠡᠴᠡ ᠡᠪᠦᠷᠯᠡᠵᠤ ᠢᠷᠠᠨ᠎ᠠ᠂
ᠠᠳᠠᠯ ᠠᠵᠤ ᠶᠢᠨ ᠥᠭᠡᠳᠡᠭᠡᠨ ᠮᠠᠠᠳᠤ ᠶᠢ
ᠠᠷᠤ ᠭᠡᠷ ᠤᠨ ᠭᠢᠨ ᠠᠰᠠᠭᠤᠵᠤ ᠶᠠᠭᠠᠷᠠᠨ᠎ᠠ᠂
ᠠᠮᠠᠷᠠᠭ ᠤᠨ ᠶᠢᠡᠨ ᠨᠢᠳᠤ ᠶᠢ ᠬᠠᠷᠠᠨ᠎ᠠ ᠭᠡᠭᠦᠯᠡᠷ
ᠬᠠᠨᠠᠨ ᠭᠦᠪᠠᠭᠡ ᠢᠷᠠᠰ ᠭᠢᠯ᠎ᠠ᠂
ᠠᠶᠠᠳᠠᠭᠤᠯᠵᠤ ᠵᠠᠪᠳᠤᠭᠤᠯᠬᠤ ᠬᠠᠢ᠌ᠷ᠎ᠠ ᠶᠢᠨ ᠰᠤᠷᠠᠭ ᠲᠤ
ᠠᠳᠠᠷ ᠤᠨ ᠰᠠᠯᠭᠢ ᠴᠤ ᠰᠡᠪᠭᠡᠰ ᠭᠡᠯᠡ᠂
ᠪᠣᠷᠤᠭ᠎ᠠ ᠬᠤᠷ᠎ᠠ ᠶᠢ ᠭᠤᠪᠢ ᠳᠠᠭᠠᠨ ᠳᠤᠭᠤᠯᠵᠤ
ᠪᠣᠳᠤᠯ ᠤᠨ ᠬᠠᠳᠠᠭᠤ ᠳᠤ ᠮᠠᠯᠵᠢᠭᠰᠠᠨ ᠭᠦᠮᠤᠨ ᠢ
ᠪᠣᠳᠤᠭᠤᠨ ᠨᠢᠳᠤᠳᠤ ᠨᠠᠭᠤᠷ ᠪᠦᠷᠢᠳᠤ ᠮᠢᠨᠢ
ᠪᠦᠯᠢᠶᠡᠨ ᠳᠤᠯᠠᠭᠠᠬᠠᠨ ᠴᠠᠯᠭᠢᠵᠤ ᠣᠭᠳᠤᠯ᠎ᠠ᠂
ᠭᠦᠷᠡᠩᠳᠤᠨ ᠳᠤᠰᠤᠷᠠᠭᠰᠠᠨ ᠨᠠᠮᠤᠷ ᠤᠨ ᠵᠢᠯᠠᠭ᠎ᠠ
ᠭᠦᠪᠠᠭᠡ ᠨᠢ ᠢᠯᠭᠠᠭᠳᠠᠬᠤ ᠦᠭᠡᠶ ᠳᠠᠯᠪᠠᠰ ᠭᠢᠯ᠎ᠠ᠂
ᠭᠦᠮᠤᠨ ᠤ ᠰᠠᠢ᠌ᠬᠠᠨ ᠣᠴᠠᠷᠠᠯ ᠤᠨ ᠪᠠᠶᠠᠷ ᠲᠤ
ᠬᠠᠯᠠᠭᠤᠬᠠᠨ ᠪᠠᠭᠤᠴᠠ ᠮᠢᠨᠢ ᠢᠯ ᠭᠢᠯ᠎ᠠ᠂
ᠣᠴᠢᠭ ᠤᠨ ᠭᠤᠷᠪᠠᠨ ᠴᠢᠯᠠᠭᠤ ᠲᠡᠶ ᠴᠤᠭ
ᠵᠤᠰᠠᠭᠠᠯ ᠶᠢᠡᠨ ᠨᠠᠭᠠᠯᠳᠤᠵᠤ ᠨᠠᠷᠠ ᠬᠤᠴᠤᠷᠤᠯ᠎ᠠ᠂
ᠣᠳᠤᠮ ᠤᠨ ᠭᠤᠷᠪᠠᠨ ᠠᠳᠠᠯ ᠲᠡᠶ ᠬᠠᠮᠳᠤ
ᠵᠤᠭᠰᠠᠭᠠᠯ ᠶᠢᠡᠨ ᠡᠷᠢᠵᠤ ᠮᠠᠯ ᠨᠡᠭᠦᠯ᠎ᠡ᠂
ᠨᠠᠭᠠᠳᠤᠮ ᠳᠠᠷᠭᠢᠭᠤᠯᠤᠭᠰᠠᠨ ᠣᠷᠳᠤ ᠶᠢᠨ ᠳᠠᠭᠤᠨ ᠶᠢᠡᠷ
ᠨᠤᠳᠤᠭ ᠤᠨ ᠠᠭᠤᠯᠠᠰ ᠭᠡᠯᠪᠠᠯᠵᠡᠵᠤ ᠪᠠᠢ᠌ᠯ᠎ᠠ
ᠨᠠᠮᠤᠷᠵᠢᠶ᠎ᠠ ᠱᠠᠪᠰᠢᠭᠰᠠᠨ ᠠᠢ᠌ᠷᠠᠭ ᠤᠨ ᠦᠨᠦᠷ ᠶᠢᠡᠷ
ᠮᠤᠩᠭ᠋ᠤᠯ ᠤᠨ ᠪᠠᠢ᠌ᠭᠠᠯᠢ ᠬᠠᠯᠭᠢᠯᠠᠵᠤ ᠪᠠᠢ᠌ᠯ᠎ᠠ᠂
ᠣᠳᠤᠷ ᠤᠨ ᠭᠢᠨ ᠡᠨᠡᠭᠦᠭᠡᠨ ᠳᠤ ᠢᠷᠠᠨ᠎ᠠ ᠭᠡᠭᠦᠯᠡᠷ
ᠠᠢ᠌ᠯ ᠤᠨ ᠪᠦᠰᠡᠭᠦᠢᠴᠦᠳ ᠣᠪᠣᠰ ᠭᠢᠯ᠎ᠠ᠂
ᠠᠮᠠᠷᠠᠭ ᠤᠨ ᠶᠢᠡᠨ ᠨᠢᠳᠤ ᠶᠢ ᠬᠠᠷᠠᠨ᠎ᠠ ᠭᠡᠭᠦᠯᠡᠷ
ᠣᠶᠠᠬᠠᠨ ᠨᠠᠮᠤᠷ ᠮᠢᠨᠢ ᠵᠤᠭ ᠭᠢᠯ᠎ᠠ ᠁
ᠵᠤᠬᠢᠶᠠᠭᠴᠢ᠄ ᠴ·ᠮᠦᠩᠭᠦᠨᠡᠷᠳᠡᠨᠢ
ᠢᠷᠡᠯᠲᠡ᠄ ᠴ·ᠮᠦᠩᠭᠦᠨᠡᠷᠳᠡᠨᠢ
ᠬᠠᠷᠢᠶ᠎ᠠ᠄
ᠰᠢᠯᠦᠭᠳᠠᠷᠤᠮ᠄ 3685
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ