☆ ᠷᠠ᠊·ᠣᠷᠢᠶᠠᠩᠬᠠᠢ
ᠳᠡᠭ᠍ᠷᠢ
ᠳᠡᠭ᠍ᠷᠢ ᠪᠠᠨ ᠳᠠᠪᠠᠷᠢᠵᠤ ᠮᠡᠡᠳᠦᠯᠡᠭ᠍ᠰᠡᠨ
ᠳᠡᠭ᠍ᠷᠢ ᠡᠴᠢᠭᠡ ᠮᠢᠨᠢ ᠳᠡᠭ᠍ᠷᠢ
ᠳᠡᠭ᠍ᠷᠢ ᠪᠠᠷ ᠳᠡᠪᠠᠷᠢᠭᠦᠯᠵᠤ ᠵᠢᠷᠭᠠᠭᠤᠯᠤᠭᠰᠠᠨ
ᠳᠡᠭ᠍ᠷᠢ ᠶᠢᠨ ᠵᠠᠢ ᠪᠦᠭᠦᠨ ᠳᠡᠭ᠍ᠷᠢ᠃
ᠳᠡᠭ᠍ᠷᠢ ᠶᠢᠨ ᠡᠷᠭᠦᠭ᠍ᠰᠡᠨ
ᠳᠡᠷᠢᠭᠦᠨ ᠮᠢᠨᠢ ᠪᠣᠰᠤᠭ᠎ᠠ
ᠳᠡᠭ᠍ᠷᠢ ᠪᠠᠨ ᠡᠷᠭᠦᠭᠦ
ᠰᠤᠶᠤᠯ ᠮᠢᠨᠢ ᠪᠣᠰᠤᠭ᠎ᠠ᠃
ᠳᠡᠭ᠍ᠷᠢ ᠪᠠᠨ ᠭᠡᠵᠤ
ᠰᠢᠳᠦᠭᠡᠨ ᠮᠢᠨᠢ ᠭᠦᠭᠡ᠃
ᠰᠢᠳᠦᠭᠡᠨ ᠶᠢᠡᠨ ᠭᠡᠵᠤ
ᠳᠡᠭ᠍ᠷᠢ ᠮᠢᠨᠢ ᠭᠦᠭᠡ
ᠳᠡᠭ᠍ᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊
ᠭᠠᠵᠠᠷ ᠲᠡᠶ ᠭᠦᠮᠤᠨ ᠤ ᠳᠡᠭ᠍ᠷᠢ
ᠭᠠᠵᠠᠷ ᠊᠊᠊᠊᠊᠊᠊᠊᠊᠊᠊᠊᠊᠊᠊᠊᠊᠊᠊᠊᠊᠊᠊᠊᠊᠊᠊᠊᠊᠊
ᠳᠡᠭ᠍ᠷᠢ ᠲᠡᠶ ᠭᠦᠮᠤᠨ ᠤ ᠭᠠᠵᠠᠷ᠃
ᠳᠡᠭ᠍ᠷᠢ ᠊᠊᠊᠊᠊᠊᠊᠊᠊᠊᠊᠊᠊᠊᠊᠊᠊᠊᠊᠊᠊᠊᠊᠊᠊᠊᠊᠊᠊᠊
ᠭᠦᠮᠤᠨ ᠲᠡᠶ ᠣᠷᠴᠢᠯᠠᠩ ᠤᠨ ᠳᠡᠭ᠍ᠷᠢ
ᠣᠷᠴᠢᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊
ᠳᠡᠭ᠍ᠷᠢ ᠲᠡᠶ ᠭᠦᠮᠤᠨ ᠤ ᠣᠷᠴᠢᠯᠠᠩ᠃
ᠳᠡᠭ᠍ᠷᠢ ᠪᠠᠨ ᠳᠠᠪᠠᠷᠢᠵᠤ ᠮᠡᠡᠳᠦᠯᠡᠭ᠍ᠰᠡᠨ
ᠳᠡᠭ᠍ᠷᠢ ᠡᠴᠢᠭᠡ ᠮᠢᠨᠢ ᠳᠡᠭ᠍ᠷᠢ
ᠳᠡᠭ᠍ᠷᠢ ᠪᠠᠷ ᠳᠡᠪᠠᠷᠢᠭᠦᠯᠵᠤ ᠵᠢᠷᠭᠠᠭᠤᠯᠤᠭᠰᠠᠨ
ᠳᠡᠭ᠍ᠷᠢ ᠶᠢᠨ ᠵᠠᠢ ᠪᠦᠭᠦᠨ ᠳᠡᠭ᠍ᠷᠢ᠃
ᠵᠤᠬᠢᠶᠠᠭᠴᠢ᠄ ᠷᠠ᠊·ᠣᠷᠢᠶᠠᠩᠬᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 08 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ