ᠨᠡᠪᠲᠡᠷᠡᠨ ᠤᠷᠤᠬᠤ
ᠵᠤᠨ ᠢᠷᠠᠯ᠎ᠠ

ᠵᠤᠨ ᠢᠷᠠᠯ᠎ᠠ

ᠵᠤᠰᠠᠯᠠᠩ ᠤᠨ ᠶᠢᠡᠨ ᠠᠳᠤᠭᠤ ᠶᠢ ᠰᠠᠨᠠᠵᠤ

ᠵᠤᠷᠴᠢᠵᠤ ᠶᠠᠪᠣᠭᠰᠠᠨ ᠳᠡᠭᠡᠳᠦᠰ ᠤᠨ ᠮᠢᠨᠢ

ᠵᠤᠭᠤᠭ ᠤᠨ ᠰᠠᠢ᠌ᠬᠠᠨ ᠰᠦᠷᠦᠭ᠌ ᠢ ᠰᠠᠨᠠᠵᠤ

ᠵᠤᠨ ᠢᠷᠠᠯ᠎ᠠ


ᠵᠤᠨ ᠢᠷᠠᠯ᠎ᠠ

ᠮᠡᠯᠮᠡᠯᠵᠡᠭᠦ ᠭᠤᠤᠯ ᠤᠨ ᠶᠢᠡᠨ ᠣᠷᠤᠰᠬᠠᠯ ᠢ ᠪᠣᠳᠤᠵᠤ

ᠮᠦᠷᠦᠭᠡᠳᠦᠯ ᠰᠠᠢ᠌ᠳᠠᠢ ᠡᠵᠢ ᠶᠢᠨ ᠮᠢᠨᠢ

ᠮᠥᠩᠭᠡ ᠠᠮᠳᠠᠯᠠᠭᠳᠠᠬᠤ ᠰᠦ᠋ ᠲᠡᠶ ᠴᠠᠢ ᠶᠢ ᠪᠣᠳᠤᠵᠤ

ᠵᠤᠨ ᠢᠷᠠᠯ᠎ᠠ


ᠵᠤᠨ ᠢᠷᠠᠯ᠎ᠠ

ᠵᠢᠷᠭᠢᠭᠦ ᠰᠢᠪᠠᠭᠤᠨ ᠤ ᠳᠠᠯᠠᠪᠴᠢ ᠶᠢ ᠬᠠᠢ᠌ᠷᠠᠯᠠᠵᠤ

ᠵᠢᠩᠭᠢᠨᠢ ᠭᠡᠭᠡᠷ᠎ᠡ ᠳᠠᠯ᠎ᠠ ᠶᠢᠨ ᠮᠢᠨᠢ

ᠵᠢᠷᠪᠢᠯᠵᠡᠭᠦ ᠭᠡᠷᠡᠯ ᠤᠨ ᠳᠡᠭ᠍ᠷᠢᠯᠢᠭ᠌ ᠳᠤᠭᠤᠷᠢᠭ ᠢ ᠬᠠᠢ᠌ᠷᠠᠯᠠᠵᠤ

ᠵᠤᠨ ᠢᠷᠠᠯ᠎ᠠ


ᠵᠤᠨ ᠢᠷᠠᠯ᠎ᠠ

ᠵᠣᠢ᠌ᠯ ᠤᠨ ᠪᠣᠳᠤᠯ ᠶᠢᠡᠨ ᠥᠩᠭᠡ ᠢᠯᠭᠠᠷᠠᠳᠠᠯ᠎ᠠ ᠴᠡᠴᠡᠭᠯᠡᠭᠦᠯᠤᠨ

ᠵᠣᠢ᠌ᠳᠠᠢ ᠳᠠᠯ᠎ᠠ ᠪᠠᠨ ᠥ ᠦᠭᠡᠶ ᠰᠠᠢ᠌ᠬᠠᠨ ᠰᠢᠷᠳᠠᠨ ᠴᠢᠮᠠᠵᠤ

ᠬᠠᠯᠠᠭᠤᠨ ᠰᠡᠳᠭᠢᠯ ᠶᠢᠡᠷ ᠬᠠᠩᠭ᠋ᠠᠢ ᠳᠠᠯ᠎ᠠ ᠪᠠᠨ ᠳᠠᠪᠠᠷᠢᠵᠤ

ᠵᠤᠨ ᠢᠷᠠᠯ᠎ᠠ



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 41435
ᠴᠠᠭ᠄ 2014 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ