☆ ᠭᠢᠶᠠᠨ ᠠᠵᠢᠨᠠᠢ
ᠠᠷᠠᠤᠨ ᠤᠨ ᠳᠠᠭᠤᠤ
ᠳᠤᠯᠤᠭᠠᠨ ᠨᠤᠲ᠋ ᠶᠢᠨ ᠳᠡᠭᠦᠰ ᠠᠶᠠᠯᠠᠭᠤ ᠲ᠋ᠠᠢ
ᠳᠠᠪᠢᠯᠠᠩ ᠵᠠᠶᠠᠭᠠᠨ ᠤ ᠣᠶᠠᠷᠠᠯᠳᠤ ᠭᠦᠦᠷᠨᠢᠯ ᠳᠠᠢ
ᠳᠠᠢ᠌ᠴᠢᠨ ᠡᠷᠡᠴᠦᠦᠯ ᠤᠨ ᠣᠮᠤᠭᠳᠤ ᠮᠠᠭᠳᠠᠭᠠᠯ ᠳᠠᠢ
ᠳᠤᠷ᠎ᠠ ᠭᠦᠰᠡᠯ ᠤᠨ ᠬᠠᠢ᠌ᠷ᠎ᠠ ᠶᠢᠨ ᠪᠣᠯᠵᠤᠭ᠎ᠠ ᠳᠠᠢ
ᠠᠷᠠᠤᠨ ᠤᠨ ᠳᠠᠭᠤᠤ ᠮᠢᠨᠢ
ᠠᠷᠠᠤᠨ ᠲᠦᠮᠡᠨ ᠪᠢᠳᠠᠨ ᠤ ᠳᠠᠭᠤᠤ ︕
ᠢᠳᠡᠷᠡᠭᠦᠨ ᠰᠦᠷᠯᠢᠭ᠌ ᠭᠦᠭ᠌ ᠠᠢ᠌ᠵᠠᠮ ᠳ᠋ᠤᠨᠢ
ᠠᠭᠤᠯᠠ ᠳᠠᠯ᠎ᠠ ᠭᠦᠩᠭᠢᠨᠡᠨ ᠱᠤᠤᠭᠢᠨ᠎ᠠ
ᠣᠷᠠᠨ ᠭᠤᠴᠤ ᠣᠶᠠᠷᠠᠯᠳᠤ ᠨᠤᠭᠤᠯᠭᠠᠨ ᠳ᠋ᠤᠨᠢ
《ᠡᠪᠦᠭᠡᠨ ᠰᠢᠪᠠᠭᠤ》 ᠨᠤᠳᠤᠭ ᠰᠠᠨᠠᠵᠤ ᠣᠶᠠᠷᠠᠨ᠎ᠠ
ᠦᠪ ᠰᠤᠶᠤᠯ ᠤᠨ ᠨᠤᠭᠤᠭᠠᠨ ᠨᠠᠪᠴᠢ
ᠠᠮᠢᠳᠤᠷᠠᠯ ᠳᠠᠮᠠᠴᠠᠯ ᠤᠨ ᠪᠣᠷᠤᠭᠵᠢᠭᠤᠨ ᠵᠢᠷᠤᠭ
ᠤᠶᠠᠩᠭ᠎ᠠ ᠰᠡᠳᠬᠢᠯᠭᠡ ᠶᠢᠨ ᠡᠭᠢᠨ ᠤ ᠳᠤᠭᠳᠤᠯᠤᠯ
ᠢᠷᠠᠭᠤ ᠨᠠᠢ᠌ᠷᠠᠭ ᠤᠨ ᠮᠠᠨᠢ ᠠᠩᠬᠠᠨ ᠤ ᠪᠠᠭᠰᠢ
ᠠᠷᠠᠤᠨ ᠤᠨ ᠲ᠋ᠠᠭᠤᠤ ᠮᠢᠨᠢ
ᠠᠷᠠᠤᠨ ᠲᠦᠮᠡᠨ ᠪᠢᠳᠠᠨ ᠤ ᠳᠠᠭᠤᠤ ︕
ᠠᠷᠠᠤᠨ ᠤᠨ ᠳᠠᠭᠤᠤ ᠪᠠᠨ ᠰᠤᠨᠤᠰᠤᠭᠠᠤᠨ ᠰᠠᠭᠤᠬᠤ ᠳ᠋ᠤ
ᠠᠳᠤᠤᠯᠢᠬᠠᠢ ᠴᠡᠭᠡᠵᠢ ᠳᠠᠯ᠎ᠠ ᠰᠢᠭ ᠠᠭᠤᠵᠢᠷᠠᠨ᠎ᠠ
ᠠᠷᠠᠤᠨ ᠤᠨ ᠳᠠᠭᠤᠤ ᠪᠠᠨ ᠳᠠᠭᠤᠯᠠᠭᠠᠤᠨ ᠶᠠᠪᠣᠬᠤ ᠳ᠋ᠤ
ᠡᠷᠴᠢ ᠵᠤᠷᠢᠭ ᠦᠶᠡᠷ ᠰᠢᠭ᠌ ᠳᠠᠪᠠᠯᠭᠠᠯᠠᠨ᠎ᠠ ᠁
ᠭᠦᠮᠤᠨ ᠵᠤᠨ ᠮᠠᠨᠢ ᠣᠶᠤᠨ ᠰᠠᠨᠠᠭᠠᠨ ᠤ ᠳᠠᠯᠠᠰ
ᠭᠦᠭᠡ ᠮᠤᠩᠭ᠋ᠤᠯ ᠤᠨ ᠣᠷ᠎ᠠ ᠰᠢᠮ᠎ᠠ ᠶᠢᠨ ᠳᠡᠭᠡᠵᠢ
ᠭᠦᠰᠡᠯ ᠮᠦᠷᠦᠭᠡᠳᠦᠯ ᠤᠨ ᠭᠢᠨᠢ ᠤᠶᠠᠩᠭ᠎ᠠ ᠶᠢᠨ ᠠᠯᠳᠠᠨ ᠴᠢᠪᠬᠠᠳᠠᠰᠤ
ᠭᠢᠯᠢᠩ ᠬᠤᠷᠤᠰᠤᠯ ᠤᠨ ᠭᠢᠨᠢ ᠵᠠᠨᠤᠯ ᠤᠨ ᠬᠤᠷᠴᠠ ᠰᠠᠯᠠᠠᠮᠠ
ᠠᠷᠠᠤᠨ ᠤᠨ ᠳᠠᠭᠤᠤ ᠮᠢᠨᠢ
ᠠᠷᠠᠤᠨ ᠲᠦᠮᠡᠨ ᠪᠢᠳᠠᠨ ᠤ ᠳᠠᠭᠤᠤ ︕
ᠭᠠᠵᠠᠷ ᠣᠰᠤᠨ ᠳᠠᠭᠠᠨ ᠣᠷᠭᠤᠭᠰᠠᠨ ᠣᠷᠠᠯᠢᠭ ᠤᠨ ᠱᠠᠩᠰᠢ
ᠭᠠᠯᠪᠠ ᠳᠡᠯᠡᠭᠡᠢ ᠳᠡᠭᠡᠨ ᠭᠠᠢ᠌ᠬᠠᠭᠳᠠᠭᠰᠠᠨ ᠠᠮᠢᠳᠤ ᠭᠡᠯᠡ
ᠭᠡᠵᠢᠶᠡᠳᠡ ᠪᠠᠯᠠᠷᠠᠰᠢ ᠦᠭᠡᠶ ᠢᠷᠠᠭᠤ ᠡᠭᠡᠰᠢᠭ᠌ ᠤᠨ ᠰᠤᠨᠤᠰᠬᠤᠯᠠᠩ
ᠭᠡᠮᠵᠢᠶᠡᠯᠡᠵᠤ ᠳᠠᠢ᠌ᠯᠤᠰᠢ ᠦᠭᠡᠶ ᠪᠠᠶᠠᠨ ᠦᠪ ᠤᠨ ᠰᠠᠩ
ᠵᠤᠬᠢᠶᠠᠭᠴᠢ ᠶᠢᠨ ᠬᠠᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ