☆ ᠰ·ᠮᠥᠩᠭᠡᠨᠡᠷᠡᠰᠤ
ᠬᠠᠪ ᠬᠠᠷᠠᠩᠭ᠋ᠤᠢ ᠠᠷᠪᠠᠨ ᠳᠠᠪᠤᠨ ᠤ ᠰᠦᠨᠢ
ᠰᠠᠷᠠᠨ ᠤ ᠳᠤᠤᠷ᠎ᠠ ᠭᠡᠨ ᠨᠢᠭᠡᠨ ᠢ ᠡᠩᠰᠡᠷᠡᠳᠡᠯ᠎ᠡ ᠰᠠᠨᠠᠬᠤ ᠳ᠋ᠤ
ᠰᠡᠳᠭᠢᠯ ᠤᠨ ᠳᠤᠳᠤᠷ᠎ᠠ ᠬᠠᠪ ᠬᠠᠷᠠᠩᠭ᠋ᠤᠢ
ᠰᠠᠢ᠌ᠬᠠᠨ ᠪᠦᠭᠦᠳᠡ ᠶᠢ ᠰᠡᠳᠭᠢᠯ ᠳᠤ ᠪᠠᠨ ᠣᠷᠭᠤᠭᠤᠯᠵᠤ ᠭᠤᠨᠢᠭ ᠳᠠᠪᠴᠢᠨ ᠣᠢ᠌ᠤᠠᠬᠠᠷ ᠥᠯᠳᠡᠭᠦ ᠶᠢ ᠰᠠᠨᠠᠪᠠᠴᠤ
ᠪᠢ ᠬᠠᠰᠢᠯᠠ ᠭᠠᠪ ᠭᠠᠭᠴᠠᠭᠠᠷ
ᠦᠷᠦᠭᠡᠨ ᠳᠤ ᠬᠠᠪ ᠬᠠᠷᠠᠩᠭ᠋ᠤᠢ ᠭᠡᠪ ᠶᠢᠡᠷ
ᠮᠡᠳᠡᠭ᠍ᠳᠡᠮ᠎ᠡ ᠦᠭᠡᠶ ᠭᠦᠪ ᠬᠦᠩᠭᠡᠨ ᠭᠤᠨᠢᠭ ᠪᠠᠢ᠌ᠳᠠᠯ᠎ᠠ ᠪᠠᠨ
ᠨᠠᠮ᠎ᠠ ᠶᠢ ᠠᠮᠢᠰᠬᠤᠬᠤ ᠳᠡᠩᠭᠡᠯ ᠦᠭᠡᠶ ᠳᠠᠷᠤᠨ᠎ᠠ
ᠣᠷᠴᠢᠨ ᠡᠴᠠ ᠪᠠᠨ ᠪᠢ ᠳᠤᠰᠠᠭᠠᠷᠯᠠᠪᠠ ᠤᠤ
ᠣᠷᠴᠢᠯᠠᠩ ᠨᠠᠮ᠎ᠠ ᠶᠢ ᠳᠤᠰᠠᠭᠠᠷᠯᠠᠪᠠ ᠤᠤ
ᠮᠢᠩᠭ᠋ᠠᠨ ᠭᠠᠯᠪᠠ ᠶᠢᠨ ᠵᠤᠷᠰᠢᠯ ᠶᠤᠰᠤ ᠪᠠᠷ ᠰᠠᠷᠠᠨ ᠳᠡᠷᠭᠡᠯᠰᠢᠵᠤ ᠳᠤᠯᠠᠢ᠌ᠵᠤ ᠪᠠᠢ᠌ᠭᠰᠠᠨ ᠴᠤ
ᠮᠢᠨᠤ ᠳᠤᠳᠤᠷ᠎ᠠ ᠬᠠᠪ ᠬᠠᠷᠠᠩᠭ᠋ᠤᠢ
ᠵᠡᠭᠡᠯᠢ ᠪᠠᠷ ᠢᠪᠠᠷᠠᠵᠤ ᠶᠠᠪᠣᠭ᠎ᠠ ᠭᠦᠮᠤᠨ ᠤ ᠣᠷᠤᠰᠬᠠᠯ ᠢ ᠳᠠᠭᠠᠵᠤ ᠣᠷᠤᠰᠬᠤ ᠳ᠋ᠤ
ᠰᠡᠳᠭᠢᠯ ᠳᠤ ᠪᠠᠰᠠᠯᠠ ᠬᠠᠪ ᠬᠠᠷᠠᠩᠭ᠋ᠤᠢ
ᠭᠡᠨ ᠤ ᠴᠤ ᠨᠢᠭᠤᠷ ᠳᠡᠭᠡᠷ᠎ᠡ ᠢᠨᠢᠶᠠᠳᠤ ᠠᠯᠠᠭ᠎ᠠ
ᠭᠡᠨ ᠤ ᠴᠤ ᠠᠯᠠᠭᠠᠨ ᠳᠤ ᠢᠯᠴᠢ ᠠᠯᠠᠭ᠎ᠠ ᠪᠠᠢ᠌ᠬ᠎ᠠ
ᠣᠭᠳᠠᠷᠭᠤᠢ ᠳᠤ ᠭᠡᠷᠡᠯ ᠰᠠᠳᠠᠷᠠᠵᠤ ᠴᠡᠴᠡᠭ᠌ ᠵᠠᠳᠠᠷᠠᠵᠤ
ᠦᠶ᠎ᠡ ᠦᠶ᠎ᠡ ᠨᠢᠵᠢᠭᠢᠨᠡᠭ᠍ᠰᠡᠨ ᠳᠠᠭᠤᠨ ᠰᠢᠨ᠎ᠡ ᠣᠨ ᠢ ᠳᠤᠩᠬᠠᠭᠯᠠᠵᠤ ᠪᠠᠢ᠌ᠭᠰᠠᠨ ᠴᠤ
ᠳᠠᠷᠠ ᠭᠡᠷᠡᠯ᠂ ᠳᠠᠷᠠ ᠭᠡᠭᠡ ᠮᠢᠨᠤᠭᠢ ᠪᠢᠰᠢ
ᠳᠠᠷᠠ ᠭᠡᠷᠡᠯ᠂ ᠳᠠᠷᠠ ᠭᠡᠭᠡ ᠨᠠᠮ᠎ᠠ ᠶᠢ ᠳᠠᠨᠢᠬᠤ ᠥᠭᠡᠢ
ᠭᠡᠨᠡᠳᠲᠡ ᠴᠢᠦᠡᠭᠦᠷ ᠳᠤᠯᠢᠶᠠᠭᠰᠠᠨ ᠰᠢᠭ ᠳᠠᠷᠠ ᠭᠡᠭᠡ ᠵᠠᠮᠬᠠᠷᠠᠨ᠎ᠠ
ᠬᠤᠷᠤᠮᠬᠠᠨ᠎ᠠ ᠵᠠᠮᠬᠠᠷᠠᠨ᠎ᠠ ᠁
ᠬᠠᠪ ᠬᠠᠷᠠᠩᠭ᠋ᠤᠢ ᠁
2011.2.19
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ