☆ ᠡᠷᠳᠡᠨᠢᠪᠠᠭᠠᠨ᠎ᠠ
ᠠᠯᠳᠠᠨ ᠭᠢᠩᠭ᠋ᠠᠨ ᠮᠢᠨᠢ
ᠠᠤᠭ᠎ᠠ ᠭᠦᠴᠤᠨ ᠤ ᠤᠶᠠᠩᠭ᠎ᠠ ᠲᠡᠶ ᠨᠤᠭᠤᠭᠠᠨ ᠳᠤᠯᠭᠢᠶᠠᠨ
ᠨᠢᠭᠡᠳᠦᠯ ᠪᠦᠯᠭᠦᠮᠳᠡᠯ ᠤᠨ ᠨᠠᠢ᠌ᠷᠰᠠᠭ ᠬᠠᠯᠢᠭᠤᠷᠳᠠᠬᠤ ᠵᠠᠭᠢᠶ᠎ᠠ
ᠠᠯᠳᠠᠨ ᠡᠴᠠ ᠦᠨᠡᠳᠠᠢ ᠰᠡᠳᠭᠢᠯ ᠤᠨ ᠳᠠᠪᠠᠯᠭᠠᠨ ᠤ ᠰᠤᠷ
ᠨᠠᠷᠠᠨ ᠰᠠᠷᠠᠨ ᠤ ᠭᠦᠷᠦᠰᠤᠨ ᠤ ᠮᠥᠩᠭᠡ ᠶᠢᠨ ᠰᠢᠮ᠎ᠠ
ᠡᠷᠢᠨ ᠤ ᠵᠢᠮ᠎ᠠ ᠲᠡᠶ ᠡᠷᠳᠡᠨ ᠤ ᠰᠠᠷᠠᠨ ᠤ ᠪᠠᠭᠤᠴᠠ
ᠡᠶ᠎ᠡ ᠨᠢ ᠢᠯᠡᠭᠡᠨ ᠠᠷᠠᠤᠨ ᠲᠦᠮᠡᠨ ᠤ ᠬᠠᠢ᠌ᠷ᠎ᠠ ᠶᠢᠨ ᠰᠠᠭᠢᠭᠤᠰᠤ
ᠡᠷᠭᠢᠯᠳᠦᠭᠦ ᠪᠦᠮᠪᠦᠷᠴᠡᠭ᠌ ᠤᠨ ᠣᠳᠤᠳ ᠤᠨ ᠭᠠᠩᠭ᠋ᠠᠩ ᠰᠡᠷᠮᠡᠯᠵᠡᠭᠡᠨ
ᠡᠷᠴᠢᠭᠦ ᠡᠭᠦᠯᠡᠨ ᠲᠡᠶ ᠭᠦᠭᠡ ᠳᠡᠭ᠍ᠷᠢ ᠶᠢᠨ ᠳᠤᠷᠳᠤᠩ ᠥᠨᠦᠰᠦᠭᠡᠨ
ᠰᠠᠷᠠᠯ ᠶᠢᠡᠷ ᠳᠤᠪᠳᠤᠯᠳᠠᠭ ᠰᠠᠨᠠᠭᠠᠨ ᠤ ᠨᠤᠭᠤᠭᠠᠨ ᠵᠢᠭᠦᠷ
ᠰᠠᠷ ᠰᠠᠷ ᠰᠠᠯᠭᠢᠨ ᠨᠢ ᠠᠮᠢᠨ ᠤ ᠠᠯᠳᠠᠨ ᠰᠢᠭ ᠢᠷᠦᠭᠡᠯ
ᠬᠠᠯᠢᠬᠤ ᠰᠢᠪᠠᠭᠤᠳ ᠨᠢ ᠳᠡᠭ᠍ᠷᠢ ᠶᠢᠨ ᠨᠤᠲ᠋ ᠲᠡᠶ ᠭᠦᠭ᠍ᠵᠢᠮ
ᠬᠠᠯᠭᠢᠯᠠᠬᠤ ᠭᠤᠤᠯ ᠨᠢ ᠬᠠᠳᠠ ᠰᠢᠭ ᠰᠡᠳᠭᠢᠯ ᠤᠨ ᠦᠶᠡᠷ
ᠡᠩ ᠳᠡᠭᠡᠨ ᠳᠡᠯᠭᠡᠭᠡᠰᠦᠳᠡᠢ ᠡᠯᠳᠡᠩ ᠬᠤᠷᠸ᠎ᠠ ᠶᠢᠨ ᠳᠠᠩᠰᠠ
ᠡᠭᠡ ᠣᠷᠤᠨ ᠤ ᠦᠷᠤᠴᠠᠨ ᠤ ᠴᠢᠰᠤᠨ ᠳᠤ ᠰᠢᠩᠭᠡᠭᠡᠰᠦᠳᠡᠢ ᠨᠠᠢ᠌ᠷ
ᠵᠠᠭᠤᠨ ᠵᠠᠭᠤᠨ ᠶᠢᠡᠷ ᠰᠡᠳᠭᠢᠯ ᠳᠡᠯᠡᠭᠦᠯᠭᠦ ᠣᠬᠠᠭᠠᠨ ᠤ ᠦᠨᠳᠦᠷ ᠨᠤᠭᠤᠭᠠᠨ ᠭᠡᠷᠡᠮ
ᠵᠢᠪᠬᠤᠭ᠎ᠠ ᠵᠢᠪᠬᠤᠭ᠎ᠠ ᠪᠠᠷ ᠵᠤᠯᠠᠢ ᠳᠡᠨᠡᠢ᠌ᠯᠭᠡᠭᠦ ᠵᠠᠩᠵᠤᠨ ᠴᠡᠷᠢᠭ᠌ ᠤᠨ ᠵᠢᠭᠰᠠᠭᠠᠯ
ᠡᠵᠢ ᠶᠢᠨ ᠪᠦᠪᠠᠢ ᠶᠢᠨ ᠦᠶᠡᠷ ᠨᠢ ᠬᠠᠳᠠᠭᠤ ᠨᠥᠮᠵᠦᠭ᠌
ᠠᠪᠣ ᠶᠢᠨ ᠨᠠᠷᠠᠨ ᠤ ᠳᠦᠰᠢᠭ᠌ ᠨᠢ ᠬᠠᠩᠬᠠᠯᠠᠭᠤᠨ ᠵᠠᠢ᠌ᠰ
ᠦᠨᠡᠨ ᠤ ᠭᠠᠯ ᠲᠡᠶ ᠭᠦᠷᠡᠩ ᠴᠢᠯᠠᠭᠤᠨ ᠤ ᠳᠠᠮᠠᠭ᠎ᠠ
ᠦᠯᠴᠢᠷ ᠨᠠᠷᠠᠨ ᠲ᠋ᠠᠢ ᠮᠤᠩᠭ᠋ᠤᠯ ᠰᠤᠶᠤᠯ ᠤᠨ ᠪᠠᠯᠭᠡᠰᠢᠶᠡᠨ
ᠠᠮᠢᠰᠬᠤᠯ ᠢ ᠰᠡᠳᠭᠢᠯ ᠳᠡᠭᠡᠨ ᠠᠮᠢᠰᠬᠤᠨ ᠰᠢᠪᠬᠠᠳᠠᠭ ᠭᠡᠭᠡᠡᠴᠢᠷ
ᠠᠮᠢᠳᠤᠷᠠ ᠭᠡᠵᠤ ᠡᠪᠦᠯ ᠳᠡᠭᠡᠨ ᠳᠦᠩᠭᠦᠢᠨ ᠬᠠᠤᠭᠢᠭᠰᠠᠨ ᠭᠤᠸ᠎ᠠ ᠭᠢᠯᠢᠩ
ᠠᠭᠤᠳᠠᠮ ᠭᠦᠭᠡ ᠳᠡᠭ᠍ᠷᠢ ᠲᠡᠶ ᠰᠡᠳᠭᠢᠯ ᠢ ᠠᠯᠳᠠᠯᠠᠬᠤ ᠭᠦᠭᠦᠷᠭᠡ
ᠣᠤᠭᠠᠯ ᠰᠤᠶᠤᠯ ᠤᠨ ᠰᠢᠳᠢ ᠰᠤᠶᠤᠷᠬᠠᠭᠰᠠᠨ ᠠᠭᠤᠯᠠ ᠬᠠᠳᠠᠨ ᠤ ᠬᠠᠤᠯᠢ
ᠨᠠᠷᠮᠠᠢ ᠰᠤᠶᠤᠯ ᠤᠨ ᠡᠶᠡᠷ ᠨᠢ ᠳᠡᠮᠦᠷᠯᠢᠭ᠌ ᠮᠦᠰᠤ
ᠨᠠᠳᠬᠤᠭᠰᠠᠨ ᠠᠭᠳᠠᠨ ᠤ ᠰᠡᠳᠭᠢᠯ ᠨᠢ ᠮᠥᠩᠭᠡᠯᠢᠭ᠌ ᠶᠠᠰᠤ
ᠳᠦᠷᠤᠯᠭᠢ ᠴᠢᠨᠠᠷ ᠶᠢᠡᠷ ᠶᠢᠡᠨ ᠰᠡᠳᠭᠢᠯ ᠤᠨ ᠭᠡᠯᠪᠠᠷᠢ ᠪᠠᠷ ᠶᠢᠡᠨ ᠣᠷᠭᠤᠭᠰᠠᠨ
ᠳᠦᠭᠡᠷᠴᠡᠭ᠌ ᠶᠢᠡᠨ ᠨᠢᠭᠤᠴᠠᠬᠠᠢ᠌ᠯᠠᠬᠤ ᠦᠭᠡᠶ ᠰᠠᠷᠠᠨ ᠳᠦᠭᠡᠷᠢᠯ ᠤᠨ ᠴᠢᠪᠬᠠᠳᠠᠯ
ᠠᠯᠳᠠᠨ ᠭᠢᠩᠭ᠋ᠠᠨ ᠮᠢᠨᠢ
ᠰᠡᠳᠭᠢᠯ ᠤᠨ ᠵᠤᠪᠴᠠᠭ᠎ᠠ ᠮᠢᠨᠢ
ᠠᠯᠳᠠᠨ ᠭᠢᠩᠭ᠋ᠠᠨ ᠮᠢᠨᠢ
ᠰᠢᠯᠦᠭ᠌ ᠤᠨ ᠳᠠᠩᠬᠤ ᠮᠢᠨᠢ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2785
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ