☆ ᠴᠢ᠊·ᠳᠠᠯᠠᠢ
ᠮᠤᠩᠭ᠋ᠤᠯ ᠪᠠᠢ᠌ᠭᠠᠯᠢ
ᠡᠷᠳᠡᠨᠢ ᠬᠤᠩᠭ᠋ᠤᠷ ᠠᠳᠤᠭᠤ ᠳᠠᠪᠭᠢᠭᠰᠠᠨ
ᠡᠡᠭ᠌ ᠨᠢ ᠬᠠᠶᠠᠭᠠᠷᠠᠬᠤ ᠳᠤᠷᠭᠠᠨ ᠳᠠᠯ᠎ᠠ
ᠡᠡᠭ᠌ ᠨᠢ ᠬᠠᠶᠠᠭᠠᠷᠠᠬᠤ ᠳᠠᠯ᠎ᠠ ᠶᠢ ᠨᠤᠶᠠᠯᠠᠭᠰᠠᠨ
ᠡᠩᠭᠡ ᠶᠢᠨ ᠵᠤᠯᠠ ᠲᠡᠶ ᠳᠠᠭᠳᠠᠭᠠᠨ ᠥᠷᠭᠦᠭᠡ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠰᠡᠷᠢᠭᠦᠨ ᠰᠢᠯᠢ ᠶᠢᠨ ᠵᠤᠰᠠᠭᠠᠯ ᠢ ᠰᠤᠭᠳᠤᠭᠠᠬᠤ
ᠰᠡᠯᠡᠭᠦᠭᠡᠨ ᠣᠢ ᠶᠢᠨ ᠭᠦᠭᠦᠭᠡ ᠶᠢᠨ ᠡᠭᠡᠰᠢᠭ᠌
ᠰᠡᠯᠡᠭᠦᠭᠡᠨ ᠣᠢ ᠶᠢᠨ ᠡᠭᠡᠰᠢᠭ᠌ ᠲᠡᠶ ᠬᠤᠤᠰᠯᠠᠭᠰᠠᠨ
ᠰᠡᠷᠭᠦᠯᠡᠩ ᠵᠢᠷᠭᠠᠯ ᠤᠨ ᠳᠤᠩᠭ᠋ᠠᠯᠠᠭ ᠢᠨᠢᠶᠠᠳᠤ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠴᠡᠴᠡᠭ᠍ᠳᠤ ᠬᠤᠩᠬᠤᠷ ᠢ ᠳᠠᠪᠠᠯᠭᠠᠨ ᠪᠣᠰᠬᠠᠭᠰᠠᠨ
ᠴᠠᠢ᠌ᠯᠵᠠᠨ ᠡᠭᠦᠯᠡᠰᠢᠭᠦ ᠪᠠᠶᠠᠨ ᠰᠥᠷᠦᠭ᠌
ᠴᠠᠢ᠌ᠯᠵᠠᠨ ᠡᠭᠦᠯᠡᠰᠢᠭᠦ ᠰᠥᠷᠦᠭ᠌ ᠢ ᠪᠠᠯᠴᠢᠭᠡᠭ᠍ᠰᠡᠨ
ᠳᠤᠩᠭ᠋ᠠᠯᠠᠭ ᠮᠠᠠᠳᠠᠯ ᠤᠨ ᠣᠰᠤᠨ ᠬᠤᠷ᠎ᠠ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠭᠦᠭᠡᠮᠳᠦᠭ᠌ ᠬᠠᠢ᠌ᠷᠠᠬᠠᠨ ᠤ ᠰᠤᠭᠤ ᠭᠡᠳᠡᠭᠡᠨᠡᠭᠦ
ᠭᠦᠪᠴᠢ ᠡᠴᠡ ᠪᠠᠭᠤᠬᠤ ᠣᠶᠠᠬᠠᠨ ᠬᠠᠢ᠌ᠯ
ᠭᠦᠪᠴᠢ ᠡᠴᠡ ᠪᠠᠭᠤᠬᠤ ᠬᠠᠢ᠌ᠯ ᠢ ᠭᠦᠳᠦᠯᠦᠭ᠍ᠰᠡᠨ
ᠭᠦᠭ᠍ᠵᠢᠮ ᠠᠶᠠᠯᠠᠬᠤ ᠨᠠᠷᠢᠬᠠᠨ ᠰᠤᠳᠠᠭ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠠᠢ᠌ᠷᠠᠭ ᠱᠤᠤᠭᠢᠬᠤ ᠳᠠᠠᠵᠢ ᠶᠢ ᠰᠡᠩᠭᠢᠨᠡᠭᠦᠯᠦᠭ᠍ᠰᠡᠨ
ᠠᠩᠭᠢᠯᠤᠮᠠᠯ ᠴᠡᠴᠡᠭ᠌ ᠤᠨ ᠶᠠᠪᠠᠭᠠᠨ ᠳᠤᠯᠭᠢᠶ᠎ᠠ
ᠠᠩᠭᠢᠯᠤᠮᠠᠯ ᠴᠡᠴᠡᠭ᠌ ᠤᠨ ᠳᠤᠯᠭᠢᠶ᠎ᠠ ᠳᠠᠭᠤᠭᠰᠠᠨ
ᠠᠯᠢᠶ᠎ᠠ ᠰᠠᠯᠭᠢᠨ ᠤ ᠭᠠᠩᠭ᠋ᠠᠩ ᠠᠯᠬᠤᠭ᠎ᠠ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠮᠠᠩᠨᠤᠭ ᠴᠠᠢ᠌ᠳᠠᠮ ᠤᠨ ᠰᠤᠯᠢ ᠶᠢ ᠮᠥᠩᠭᠦᠯᠡᠭᠦ
ᠮᠠᠠᠳᠤᠬᠤ ᠨᠠᠷᠠᠨ ᠤ ᠢᠷᠠᠭᠤ ᠳᠤᠯᠤᠩ
ᠮᠠᠠᠳᠤᠬᠤ ᠨᠠᠷᠠᠨ ᠤ ᠲᠤᠯᠤᠩ ᠢ ᠣᠭᠳᠤᠬᠤ
ᠮᠠᠠᠵᠢᠯᠭᠠᠳᠤ ᠣᠷᠭᠢᠯ ᠤᠨ ᠣᠩᠭ᠋ᠤᠨ ᠰᠡᠵᠢᠭᠦᠷ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠰᠠᠷᠠᠨ᠎ᠠ ᠳᠤᠯᠠᠯᠵᠠᠬᠤ ᠬᠠᠩᠭ᠋ᠠᠢ ᠶᠢ ᠵᠥᠰᠦᠭ᠍ᠰᠡᠨ
ᠰᠠᠯᠠᠭ᠎ᠠ ᠨᠡᠢ᠌ᠯᠡᠭᠦ ᠣᠷᠳᠤ ᠬᠠᠷᠭᠤᠢ
ᠰᠠᠯᠠᠭ᠎ᠠ ᠨᠡᠢ᠌ᠯᠡᠭᠦ ᠬᠠᠷᠭᠤᠢ ᠶᠢ ᠡᠯᠭᠦᠭ᠍ᠰᠡᠨ
ᠰᠠᠯᠭᠢ ᠳᠠᠳᠠᠬᠤ ᠬᠤᠷᠳᠤᠨ ᠭᠦᠯᠦᠭ᠌
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠳᠡᠷᠭᠡᠯ ᠴᠠᠭᠠᠨ ᠰᠠᠷ᠎ᠠ ᠳᠠᠮᠨᠠᠭᠰᠠᠨ
ᠳᠡᠭ᠍ᠷᠢ ᠳᠤᠯᠬᠤ ᠬᠤᠯᠪᠣᠭᠠᠯᠵᠢ ᠠᠭᠤᠯᠠ
ᠳᠡᠭ᠍ᠷᠢ ᠳᠤᠯᠬᠤ ᠠᠭᠤᠯᠠᠰ ᠢ ᠡᠷᠭᠢᠴᠡᠭ᠍ᠰᠡᠨ
ᠳᠡᠭᠦᠯᠳᠡᠷ ᠵᠢᠪᠬᠤᠭᠠᠳᠤ ᠭᠦᠷᠡᠩ ᠪᠦᠷᠭᠦᠤᠨ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠠᠭᠠᠷ ᠤᠨ ᠪᠦᠪᠠᠢ ᠳᠤ ᠡᠷᠭᠡᠯᠡᠨ ᠭᠦᠪᠦᠯᠵᠡᠭᠦ
ᠠᠶᠠᠠᠰᠢᠵᠤ ᠳᠠᠰᠤᠭᠰᠠᠨ ᠰᠠᠮᠠᠵᠠᠨ ᠡᠭᠦᠯᠡ
ᠠᠶᠠᠠᠰᠢᠬᠤ ᠡᠭᠦᠯᠡᠨ ᠤ ᠴᠢᠯᠦᠭᠡᠨ ᠳᠤ ᠳᠠᠯᠮᠠᠢ᠌ᠬᠤ
ᠠᠮᠠᠷᠠᠭ ᠤᠨ ᠨᠢᠳᠤ ᠰᠢᠭ᠌ ᠭᠡᠷᠡᠯᠳᠤ ᠮᠠᠴᠢᠳ
ᠨᠠᠯᠠᠭᠠᠷ ᠬᠤᠷᠸ᠎ᠠ ᠳᠤ ᠭᠦᠭᠡᠷᠡᠭᠦ
ᠨᠠᠪᠴᠢ ᠳᠡᠯᠭᠡᠷ ᠪᠠᠢ᠌ᠭᠠᠯᠢ ᠮᠢᠨᠢ ᠡ
ᠵᠤᠬᠢᠶᠠᠭᠴᠢ᠄ ᠴᠢ᠊·ᠳᠠᠯᠠᠢ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 2985
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ