☆ ᠳᠡᠦᠭᠡᠨ ᠪᠢᠴᠢᠭ᠌ ᠮᠠᠲ᠋ᠸᠷᠢᠶᠠᠯ ᠡᠴᠡ
ᠴᠤᠭᠳᠤ ᠳᠠᠢ᠌ᠵᠢ ᠬᠠᠳᠠᠨ ᠤ ᠪᠢᠴᠢᠭ᠌
(ᠨᠢᠭᠡ)
ᠳᠡᠭᠡᠷ᠎ᠡ ᠳᠡᠭ᠍ᠷᠢ ᠬᠠᠨ ᠤ ᠠᠬᠤ ᠭᠢᠭᠡᠤᠨ
ᠳᠡᠯᠡᠭᠡᠢ ᠳ᠋ᠠᠭᠢ ᠬᠠᠨ ᠪᠣᠭᠳᠤᠰᠤᠨ ᠠᠬᠤ ᠭᠠᠵᠠᠷ
ᠳᠡᠭᠡᠷ᠎ᠡ ᠳᠤᠤᠷ᠎ᠠ ᠶᠢᠨ ᠢᠯᠭᠠᠯ ᠪᠣᠯᠪᠠᠰᠤ ᠪᠠᠷ
ᠵᠢᠷᠭᠠᠯ ᠬᠠᠢ᠌ᠷᠠᠯᠠᠯ ᠬᠤᠶᠠᠷ ᠤᠨ ᠡᠭᠡᠷᠡ ᠨᠢᠭᠡᠨ ᠪᠣᠢ᠃
ᠠᠬᠠᠨᠢᠰᠳᠠᠢ᠌ᠨ ᠠᠭᠤᠢ ᠳ᠋ᠠᠭᠢ ᠪᠦᠳᠢᠰᠦᠡᠭ᠌ ᠨᠡᠷ ᠭᠢᠭᠡᠤᠨ
ᠠᠯᠳᠠᠨ ᠳᠡᠯᠡᠭᠡᠢ ᠳ᠋ᠠᠭᠢ ᠪᠣᠳᠢ ᠰᠡᠳᠭᠢᠯ ᠳᠠᠨ ᠬᠤᠶᠠᠷ ᠤᠨ
ᠠᠬᠤ ᠭᠠᠵᠠᠷ ᠠᠩᠭᠢᠳᠠ ᠪᠣᠯᠪᠠᠰᠤ
ᠠᠰᠠᠷᠠᠬᠤ ᠨᠢᠭᠦᠯᠡᠰᠭᠦ ᠶᠢᠨ ᠠᠭᠠᠷ᠎ᠠ ᠨᠢᠭᠡᠨ ᠪᠣᠢ᠃
ᠡ᠊ᠨᠳᠡ ᠬᠠᠨ ᠪᠣᠭᠳᠠᠰᠤᠨ ᠰᠠᠢ᠌ᠨ ᠲᠦᠰᠢᠮᠠᠤᠨ ᠭᠢᠭᠡᠤᠨ
ᠡᠷᠡᠭᠦᠯᠡᠭ᠍ᠴᠢ ᠡᠷᠯᠢᠭ᠌ ᠬᠠᠭᠠᠨ ᠤ ᠶᠡᠭᠡ ᠨᠤᠶᠠᠤᠨ ᠬᠤᠶᠠᠷ ᠤᠨ
ᠶᠤᠰᠤ ᠥᠩᠭᠡ ᠦᠪᠡᠷ᠎ᠠ ᠪᠣᠯᠪᠠᠰᠤ
ᠵᠦᠪ ᠪᠣᠷᠤᠭᠤ ᠶᠢ ᠢᠯᠭᠠᠬᠣ ᠶᠢᠨ ᠠᠭᠠᠷ᠎ᠠ ᠨᠢᠭᠡᠨ ᠪᠣᠢ᠃
ᠣᠯᠵᠠ ᠢᠳᠠᠰᠢ ᠣᠯᠤᠨ ᠶᠠᠳᠠᠭᠴᠢ ᠭᠦᠮᠤᠨ ᠭᠢᠭᠡᠤᠨ
ᠠᠭᠤᠯᠠᠨ ᠮᠤᠳᠤᠨ ᠳᠤ ᠶᠠᠪᠣᠭᠴᠢ ᠠᠷᠢᠶᠠᠳᠠᠨ ᠬᠤᠶᠠᠷ ᠤᠨ
ᠠᠬᠤ ᠪᠠᠶ᠎ᠠ ᠠᠩᠭᠢᠳᠠ ᠪᠣᠯᠪᠠᠰᠤ
ᠠᠯᠠᠨ ᠢᠳᠡᠭᠦ ᠶᠢᠨ ᠠᠭᠠᠷ᠎ᠠ ᠨᠢᠭᠡᠨ ᠪᠣᠢ᠃
ᠬᠤᠯᠠ ᠣᠢ᠌ᠷ᠎ᠠ ᠡᠴᠡ ᠬᠤᠯᠠᠭᠠᠢ ᠭᠢᠭ᠍ᠴᠢ ᠭᠦᠮᠤᠨ ᠭᠢᠭᠡᠤᠨ
ᠬᠤᠳᠤ ᠶᠢ ᠡᠷᠭᠢᠨ ᠭᠡᠳᠡᠭ᠍ᠴᠢ ᠴᠢᠨ᠋ᠸ᠎ᠠ ᠬᠤᠶᠠᠷ ᠤᠨ
ᠢᠯᠠᠳᠠ ᠪᠠᠶ᠎ᠠ ᠳᠦᠷᠢ ᠦᠪᠡᠷ᠎ᠠ ᠪᠣᠯᠪᠠᠰᠤ
ᠢᠳᠡᠭᠦ ᠶᠢ ᠭᠦᠰᠡᠭᠦ ᠰᠡᠳᠭᠢᠯ ᠤᠨ ᠠᠭᠠᠷ᠎ᠠ ᠨᠢᠭᠡᠨ ᠪᠣᠢ᠃
ᠣᠨᠤᠨ ᠮᠦᠷᠠᠨ ᠳᠤ ᠠᠬᠤ ᠬᠠᠯᠠᠭᠤᠳᠤ ᠡᠭᠡᠴᠢ ᠮᠢᠨᠢ ᠭᠢᠭᠡᠤᠨ
ᠣᠷᠬᠤᠨ ᠳᠤᠭᠤᠯᠠᠳᠤ ᠠᠭᠴᠢ ᠡᠪᠠᠴᠢᠳᠤ ᠪᠢᠳᠠ ᠬᠤᠶᠠᠷ
ᠬᠠᠯᠬ᠎ᠠ ᠣᠩᠨᠢᠭᠤᠳ ᠤᠨ ᠭᠠᠵᠠᠷ ᠬᠤᠯᠠ ᠪᠣᠯᠪᠠᠰᠤ ᠪᠠᠷ
ᠬᠠᠢ᠌ᠷᠠᠯᠠᠨ ᠰᠠᠨᠠᠯᠴᠠᠬᠤ ᠠᠭᠠᠷ᠎ᠠ ᠨᠢᠭᠡᠨ ᠪᠣᠢ ᠊ᠶ᠎ᠠ᠃
ᠡᠨᠡ ᠪᠠᠶᠡᠨ ᠳᠡᠭᠡᠨ ᠡᠰᠡ ᠵᠤᠯᠭᠤᠯᠴᠠᠪᠠᠰᠤ
ᠡᠭᠦᠨ ᠡᠴᠡ ᠬᠣᠢ᠌ᠳᠤ ᠲᠦᠷᠦᠯ ᠳᠦᠳᠤᠮ ᠳᠤᠷᠢᠭ
ᠡᠭᠡ ᠢᠨᠤ ᠭᠠᠭᠴᠠ ᠬᠦᠤ ᠪᠠᠨ ᠬᠠᠢ᠌ᠷᠠᠯᠠᠬᠤ ᠮᠠᠳᠤ
ᠡᠯᠳᠡᠪ ᠣᠢ᠌ᠯᠠ ᠪᠠᠷ ᠳᠤᠰᠠᠯᠴᠠᠬᠤ ᠪᠣᠯᠳᠤᠭᠠᠢ᠃
ᠵᠤᠬᠢᠶᠠᠭᠴᠢ᠄ ᠳᠡᠦᠭᠡᠨ ᠪᠢᠴᠢᠭ᠌ ᠮᠠᠲ᠋ᠸᠷᠢᠶᠠᠯ ᠡᠴᠡ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄
ᠮᠤᠩᠭᠤᠯ ᠲᠡᠦᠬᠡᠳᠠᠷᠤᠮ᠄ 7521
ᠴᠠᠭ᠄ 2008 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ