☆ ᠳᠦᠷᠪᠡᠳ ᠡᠷᠳᠡᠨᠢᠪᠠᠶᠡᠷ
ᠭᠦᠢᠳᠡᠨ ᠪᠣᠷᠤᠭ᠎ᠠ
ᠵᠡᠭᠦᠳᠤᠨ ᠤ ᠮᠢᠨᠢ ᠴᠡᠴᠡᠭᠡᠰ ᠳᠡᠭᠡᠷ᠎ᠡ
ᠭᠦᠢᠳᠡᠨ ᠪᠣᠷᠤᠭ᠎ᠠ ᠨᠤᠴᠤᠨ᠎ᠠ
ᠵᠥᠩᠳᠡᠭᠡᠨ ᠰᠠᠨᠠᠭᠰᠠᠨ ᠰᠢᠪᠠᠭᠤᠳ
ᠵᠢᠷᠦᠭᠡᠨ ᠤ ᠮᠠᠨᠠᠨ ᠳᠤ ᠳᠦᠭᠡᠷᠢᠨ᠎ᠡ
ᠭᠡᠷᠡᠯᠳᠤ ᠵᠡᠭᠦᠳᠤᠨ ᠤ ᠣᠷᠤᠭᠤᠯ ᠤᠨ ᠪᠠᠯ
ᠭᠡᠷ ᠲᠤ ᠰᠠᠩ ᠳᠠᠳᠠᠨ᠎ᠠ
ᠭᠡᠭᠡ ᠳᠤᠭᠤᠨᠤ ᠪᠠᠷ ᠠᠰᠠᠭᠴᠢᠬᠠᠭᠠᠤᠨ
ᠠᠷᠠᠤᠨ ᠤᠨ ᠳᠠᠭᠤᠤ ᠪᠣᠢ᠌ᠯᠠᠨ᠎ᠠ
ᠭᠦᠢᠳᠡᠨ ᠪᠣᠷᠤᠭᠠᠨ ᠡᠴᠡ
ᠸᠠᠨᠢᠰ ᠭᠤᠨᠢᠭ ᠠᠰᠠᠭᠷᠠᠨᠠ
ᠭᠦᠮᠤᠨ ᠤ ᠰᠠᠢ᠌ᠬᠠᠨ ᠴᠢᠮ᠎ᠠ ᠡᠴᠡ
ᠮᠥᠩᠭᠡ ᠶᠢᠨ ᠳᠤᠳᠠᠭᠤ ᠰᠠᠴᠤᠷᠠᠨ᠎ᠠ
ᠮᠥᠩᠭᠡ ᠶᠢᠨ ᠳᠤᠳᠠᠭᠤ ᠭᠤᠸ᠎ᠠ ᠰᠠᠢ᠌ᠬᠠᠨ ᠳᠤ
ᠠᠮᠢ ᠨᠠᠰᠤ ᠮᠢᠨᠢ ᠭᠢᠯᠠᠯᠵᠠᠨ᠎ᠠ
ᠮᠥᠷᠦᠭᠡᠳᠦᠯ ᠤᠨ ᠭᠠᠭᠴᠠ ᠴᠡᠴᠡᠭ᠌ ᠲᠤ
ᠨᠢᠭᠤᠴᠠ ᠪᠠᠨ ᠰᠢᠩᠭᠡᠭᠡᠤᠨ ᠪᠦᠭᠦᠨᠡ
ᠭᠦᠢᠳᠡᠨ ᠪᠣᠷᠤᠭ᠎ᠠ ᠣᠠᠳᠠᠷᠠᠭᠰᠠᠭᠠᠷ
ᠬᠠᠪᠣᠷ ᠤᠨ ᠣᠷᠢᠨ ᠭᠡᠵᠤ ᠠᠮᠢᠳᠤᠷᠠᠨ᠎ᠠ
ᠬᠠᠯᠠᠭᠤᠨ ᠬᠠᠷᠠᠴᠠ ᠴᠢᠨᠢ ᠬᠠᠢ᠌ᠯᠤᠭᠰᠠᠭᠠᠷ
ᠬᠠᠳᠠᠨ ᠰᠡᠮᠭᠡᠨ ᠡᠭᠡᠰᠢᠭᠯᠡᠨ᠎ᠡ
ᠵᠤᠬᠢᠶᠠᠭᠴᠢ ᠶᠢᠨ ᠳᠤᠬᠠᠢ᠄ ᠳᠦᠷᠪᠠᠳ ᠡᠷᠳᠡᠨᠢᠪᠠᠶᠡᠷ᠂ 2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠤᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ
ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄
ᠰᠢᠯᠦᠭᠳᠠᠷᠤᠮ᠄ 3340
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ