☆ ᠰᠡᠴᠡᠨᠬᠦ᠋ᠦ
ᠨᠤᠳᠤᠭ ᠪᠣᠶᠤ ᠰᠢᠯᠦᠭ᠌
ᠰᠢᠯᠦᠭ᠌ ᠮᠢᠨᠢ ᠨᠤᠳᠤᠭ ᠲᠠᠭᠠᠨ ᠢᠨᠠᠭ ᠶᠤᠮ
ᠰᠢᠯᠪᠢ ᠣᠷᠭᠤᠵᠤ ᠨᠤᠳᠤᠭ ᠵᠥᠭ᠌ ᠣᠷᠭᠤᠳᠠᠭ
ᠰᠢᠭᠢᠷ ᠪᠣᠷᠠᠮ ᠦᠭᠭᠦᠨ᠎ᠡ ᠭᠡᠰᠡᠨ ᠴᠤ
ᠡᠷᠭᠢᠵᠤ ᠬᠠᠷᠠᠬᠤ ᠦᠭᠡᠶ
ᠰᠢᠯᠪᠢᠭᠦᠷ ᠪᠠᠷᠢᠵᠤ ᠭᠦᠭᠡᠭᠡᠭ᠍ᠰᠡᠨ ᠴᠤ
ᠡᠷᠭᠢᠭᠦᠯᠵᠤ ᠴᠢᠳᠠᠬᠤ ᠦᠭᠡᠶ
ᠳᠡᠭᠡᠭᠡᠤᠨ ᠰᠢᠯᠦᠭ᠌ ᠮᠢᠨᠢ
ᠡᠪᠠᠰᠤᠨ ᠳᠤ ᠪᠦᠳᠦᠷᠢᠭ᠍ᠰᠡᠨ ᠰᠢᠭᠦᠳᠡᠷᠢ ᠶᠢ
ᠰᠤᠭᠤᠳᠠᠵᠤ ᠪᠣᠰᠬᠠᠨ ᠳᠡᠷᠪᠠᠳᠡᠭ᠌ ᠶᠤᠮ
ᠡᠭᠦᠯᠡᠨ ᠳᠤ ᠰᠢᠷᠭᠤᠭᠰᠠᠨ ᠴᠠᠰᠤᠳᠤ ᠣᠷᠭᠢᠯ ᠲᠡᠶ
ᠰᠥᠪᠠᠭᠡ ᠳᠤᠯᠵᠤ ᠵᠡᠷᠭᠡᠴᠡᠳᠡᠭ᠌ ᠶᠤᠮ
ᠵᠤᠰᠠᠯᠠᠩ ᠳᠤᠭᠤᠷᠢᠭᠰᠠᠨ ᠵᠡᠷᠭᠡᠯᠭᠡᠨ ᠲᠡᠶ
ᠨᠢᠭᠤᠯᠴᠠᠨ ᠪᠠᠢ᠌ᠵᠤ ᠨᠠᠭᠠᠳᠤᠳᠠᠭ ᠶᠤᠮ
ᠵᠤᠳᠤᠭ ᠡᠮᠦᠰᠦᠭ᠍ᠰᠡᠨ ᠪᠦᠭᠡᠴᠦᠳ ᠶᠢᠡᠷ
ᠨᠢᠷᠤᠭᠤᠯᠠᠵᠤ ᠨᠢᠭᠡ ᠬᠠᠶᠠᠭᠤᠯᠳᠠᠭ ᠶᠤᠮ
ᠪᠣᠯᠵᠤᠭᠠᠨ ᠤ ᠠᠮᠠᠷᠠᠭ ᠢ ᠨᠢ ᠪᠣᠷᠪᠢᠳᠠᠭᠰᠠᠭᠠᠷ
ᠬᠠᠢ᠌ᠷ᠎ᠠ ᠶᠢᠨ ᠢᠪᠢᠯᠭᠡᠨ ᠳ᠋ᠤᠨᠢ ᠱᠠᠩᠳᠠᠳᠠᠭ ᠶᠤᠮ
ᠪᠣᠷᠤᠭᠠᠨ ᠤ ᠳᠤᠰᠤᠯ ᠳᠤ ᠳᠡᠪᠳᠦᠭ᠍ᠰᠡᠭᠡᠷ
ᠬᠠᠪᠣᠷ ᠤᠨ ᠰᠠᠢ᠌ᠬᠠᠨ ᠣᠨᠢ ᠰᠤᠭᠳᠤᠳᠠᠭ ᠶᠤᠮ
ᠭᠦᠩᠭᠡᠨ ᠰᠠᠯᠭᠢ ᠶᠢ ᠳᠠᠭᠠᠵᠤ ᠭᠦᠶᠦᠭᠡᠤᠨ
ᠣᠢ ᠶᠢᠨ ᠢᠳᠡᠭᠡᠨ ᠳ᠋ᠤᠨᠢ ᠳᠦᠭᠡᠷᠢᠳᠡᠭ᠌ ᠶᠤᠮ
ᠭᠦᠭᠡᠷᠦᠭᠦᠨ ᠪᠣᠯᠵᠤᠮᠤᠷ ᠢ ᠰᠤᠷᠪᠣᠯᠵᠢᠯᠠᠵᠤ
ᠡᠭᠦᠷ ᠢ ᠨᠢ ᠰᠠᠯᠪᠢᠨ ᠦᠭᠭᠦᠳᠡᠭ᠌ ᠶᠤᠮ
ᠦᠷ ᠢ ᠣᠭᠳᠤᠭᠰᠠᠨ ᠭᠤᠷᠤᠬ᠎ᠠ ᠶᠢᠨ ᠳᠠᠭᠤᠤ
ᠦᠨᠢᠶᠠᠨ ᠵᠠᠯᠠᠨ ᠳᠡᠭᠡᠷ᠎ᠡ ᠰᠤᠨᠤᠰᠳᠠᠳᠠᠭ ᠶᠤᠮ
ᠦᠳᠡᠰᠢ ᠶᠢ ᠥᠳᠡᠭ᠍ᠰᠡᠨ ᠰᠠᠷᠠᠨ ᠤ ᠰᠢᠪᠠᠨᠡᠭᠡ
ᠮᠠᠨᠠᠭᠠᠨ ᠤ ᠰᠢᠯᠢ ᠡᠴᠡ ᠠᠨᠢᠷᠯᠠᠳᠠᠭ ᠶᠤᠮ
ᠠᠢ ᠳ᠋ᠠ ᠭᠦᠭᠡᠷᠦᠭᠦᠢ
ᠰᠢᠯᠦᠭ᠌ ᠨᠤᠳᠤᠭ ᠬᠤᠶᠠᠷ ᠳᠡᠭᠡᠭᠡᠤᠨ
ᠨᠤᠤᠷᠠᠭ ᠤᠨ ᠬᠠᠭᠤᠳᠠᠰᠤᠨ ᠳᠡᠭᠡᠷ᠎ᠡ ᠵᠠᠪᠢᠯᠠᠵᠤ ᠰᠠᠭᠤᠭᠰᠠᠨ
ᠨᠤᠭᠤᠭᠠᠨ ᠳᠠᠯ᠎ᠠ ᠶᠢᠨ ᠬᠠᠭᠠᠨ ᠪᠠᠢ᠌ᠵᠠᠢ᠃
ᠵᠤᠬᠢᠶᠠᠭᠴᠢ᠄ ᠰᠡᠴᠡᠨᠬᠦ᠋ᠦ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3163
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ