ᠨᠡᠪᠲᠡᠷᠡᠨ ᠤᠷᠤᠬᠤ
ᠶᠤᠸᠠᠨ ᠤ ᠳᠡᠭᠡᠳᠤ ᠨᠠᠢ᠌ᠰᠯᠠᠯ

ᠶᠤᠸᠠᠨ ᠤ ᠳᠡᠭᠡᠳᠤ ᠨᠠᠢ᠌ᠰᠯᠠᠯ

ᠳᠤᠯᠤᠭᠠᠢ ᠦᠭᠡᠶ ᠭᠦᠮᠤᠨ ᠴᠢᠯᠠᠭᠤ ᠨᠢ

ᠮᠦᠽᠸᠢ ᠳᠤ ᠰᠠᠭᠤᠵᠤ

ᠳᠠᠭᠢᠷ ᠭᠠᠭᠴᠠᠬᠠᠨ ᠣᠷᠳᠤᠨ ᠤ ᠳᠤᠯᠭᠠᠭᠤᠷᠢ ᠨᠢ

ᠪᠠᠭᠤᠷᠢ ᠳᠤᠮᠳᠠ ᠪᠠᠨ ᠭᠤᠳᠣᠢ᠌ᠨ᠎ᠠ

ᠳᠡᠭᠡᠳᠤ ᠨᠠᠢ᠌ᠰᠯᠠᠯ

ᠳᠡᠭᠡᠳᠤ ᠶᠢᠨ ᠮᠢᠨᠢ ᠨᠠᠢ᠌ᠰᠯᠠᠯ

ᠳᠠᠶᠠᠩ ᠤᠨ ᠣᠯᠠ ᠳᠤ ᠭᠢᠰᠭᠢᠭ᠍ᠳᠡᠭ᠍ᠰᠡᠨ

ᠳᠡᠭᠡᠪᠦᠷ ᠦᠭᠡᠶ ᠵᠠᠳᠠᠭᠠᠢ ᠣᠷᠳᠤᠨ ᠳᠠᠢ

ᠳᠡᠯᠡᠭᠡᠢ ᠶᠢᠨ ᠭᠠᠭᠴᠠ ᠨᠠᠢ᠌ᠰᠯᠠᠯ

ᠠᠷᠪᠠᠨ ᠭᠤᠷᠪᠠᠳᠤᠭᠠᠷ ᠵᠠᠭᠤᠨ

ᠡᠪᠳᠡᠷᠭᠡᠢ ᠭᠡᠷᠡᠮ ᠤᠨ ᠭᠢᠨᠢ ᠭᠦᠭᠡ ᠴᠢᠯᠠᠭᠤᠨ ᠡᠴᠡ ᠰᠤᠨᠤᠰᠳᠠᠨ᠎ᠠ

ᠣᠷᠳᠤ ᠶᠢᠨ ᠳᠠᠭᠤᠤ ᠨᠢ ᠳᠡᠦᠭᠡᠨ ᠮᠦᠷ ᠶᠢᠡᠷ ᠵᠢᠠᠨ

ᠣᠷᠴᠢᠯᠠᠩ ᠤᠨ ᠴᠢᠭᠢᠨ ᠳᠤ ᠦᠨᠢᠳᠠ ᠳᠠᠭᠤᠷᠢᠰᠤᠨ᠎ᠠ

ᠮᠤᠩᠭ᠋ᠤᠯ ᠨᠠᠢ᠌ᠰᠯᠠᠯ

ᠮᠥᠩᠭᠡ ᠰᠦᠯᠳᠡ ᠲᠡᠶ ᠨᠠᠢ᠌ᠰᠯᠠᠯ

ᠣᠶᠠᠬᠠᠨ ᠽᠠᠮᠪᠣᠯᠢᠩ ᠤᠨ ᠵᠠᠢ᠌ᠴᠢᠨ ᠳ᠋ᠤ

ᠣᠶᠠᠩᠭ᠋᠎ᠠ ᠶᠢᠨ ᠳᠤᠯᠤᠭᠠᠨ ᠡᠭᠡᠰᠢᠭ᠌ ᠳᠠᠢ

ᠮᠢᠨᠤ ᠰᠡᠳᠭᠢᠯ ᠤᠨ ᠨᠠᠢ᠌ᠰᠯᠠᠯ

ᠠᠩᠬᠠᠨ ᠤ ᠵᠠᠭᠢᠳᠠᠯ

ᠠᠷᠪᠠᠨ ᠳᠠᠪᠣᠳᠠᠢ ᠪᠠᠢ᠌ᠬᠤ ᠳᠤ ᠪᠠᠨ

ᠠᠩᠬᠠᠨ ᠤ ᠵᠠᠭᠢᠳᠠᠯ ᠶᠢᠡᠨ ᠪᠢᠴᠢᠭ᠍ᠰᠡᠨ ᠶᠤᠮ

ᠠᠯᠢᠶᠠᠬᠠᠨ ᠪᠣᠷᠤ ᠦᠬᠢᠨ ᠊ᠤ

ᠠᠳᠬᠤᠨ ᠳᠤ ᠨᠢ ᠨᠢᠭᠤᠵᠤ ᠦᠭ‍ᠭᠦᠭ᠍ᠰᠡᠨ ᠶᠤᠮ

ᠬᠠᠢ᠌ᠷᠠᠯᠠᠶ᠎ᠠ ᠭᠡᠵᠤ ᠰᠠᠨᠠᠭᠠᠤᠨ

ᠬᠠᠨᠢᠯᠠᠶ᠎ᠠ ᠭᠡᠵᠤ ᠪᠢᠴᠢᠭ᠍ᠰᠡᠨ ᠶᠤᠮ

ᠬᠤᠶᠠᠭᠤᠯᠠ ᠥᠶᠡᠷᠭᠡᠨ ᠳᠠᠰᠴᠤ

ᠬᠠᠨᠢᠰᠤᠨ ᠳᠤᠭᠯᠠᠶ᠎ᠠ ᠭᠡᠰᠡᠨ ᠶᠤᠮ

ᠳᠠᠭᠠᠭᠤᠯ᠎ᠡ

ᠠᠩᠭᠢ ᠶᠢᠨ ᠪᠠᠭᠰᠢ ᠪᠠᠷ ᠵᠠᠩᠨᠠᠭᠤᠯᠵᠤ

ᠣᠷᠠᠵᠤ ᠬᠠᠶᠠᠭᠠᠤᠨ ᠣᠭᠢᠯᠠᠭᠰᠠᠨ ᠶᠤᠮ

ᠣᠶᠠᠬᠠᠨ ᠨᠠᠰᠤᠨ ᠤ ᠬᠠᠢ᠌ᠷ᠎ᠠ ᠶᠢᠨ ᠰᠤᠶᠤᠭ᠎ᠠ

ᠡᠷᠳᠡ ᠶᠢᠨ ᠭᠢᠷᠠᠭᠤ ᠳᠤ ᠴᠤᠭᠢᠭᠳᠠᠭᠰᠠᠨ ᠶᠤᠮ


ᠬᠠᠶ‍ᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2952
ᠴᠠᠭ᠄ 2009 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ