ᠨᠡᠪᠲᠡᠷᠡᠨ ᠤᠷᠤᠬᠤ
ᠪᠦᠰᠡᠭᠦᠢ ᠭᠦᠮᠤᠨ ᠤ ᠵᠠᠶᠠᠭ᠎ᠠ

ᠠᠢ᠌ᠯ ᠤᠨ ᠭᠡᠦᠭᠡᠨ ᠲᠡᠶ ᠴᠡᠴᠡᠭ᠌ ᠳᠡᠭᠦᠵᠤ ᠨᠠᠭᠠᠳᠬᠤ ᠳ᠋ᠠᠭᠠᠨ

ᠠᠯᠠᠭ ᠡᠷᠪᠠᠭᠡᠢ ᠡᠴᠡ ᠴᠤ ᠬᠠᠷᠠᠮᠯᠠᠵᠤ ᠶᠠᠪᠣᠬᠤ ᠭᠡᠵᠤ

ᠠᠮᠠᠷᠠᠭ ᠰᠡᠳᠭᠢᠯ

ᠠᠶᠤᠤᠯᠢᠬᠠᠢ ᠴᠡᠭᠡᠵᠢᠨ ᠳᠡᠭᠡᠨ ᠨᠢᠭᠤᠴᠢᠬᠠᠮᠠᠷ

ᠠᠩᠭ᠋᠎ᠠ ᠮᠢᠨᠢ ᠭᠡᠵᠤ ᠥᠭᠦᠭᠡᠷᠳᠡᠵᠤ ᠪᠠᠢ᠌ᠭᠰᠠᠨ ᠳᠠᠷᠠ ᠭᠡᠦᠭᠡᠨ

ᠠᠷᠤ ᠶᠢᠨ ᠠᠢ᠌ᠯ ᠤᠨ ᠪᠦᠰᠡᠭᠦᠢ ᠪᠣᠯᠵᠤ

ᠠᠳᠠᠯ ᠠᠮᠢᠳᠤᠷᠠᠯ ᠳᠠᠭᠠᠨ ᠳᠠᠷᠤᠭᠳᠠᠵᠤ

ᠠᠷᠪᠠᠨ ᠨᠠᠰᠤ ᠭᠦᠷᠦᠭᠡᠳᠦᠢ ᠭᠡᠳᠤᠨ ᠭᠡᠦᠭᠡᠨ ᠭᠠᠷᠭᠠᠴᠢᠬᠠᠭᠠᠤᠨ

ᠠᠭᠢᠭᠠᠤᠨ

ᠠᠪᠣ ᠶᠢᠨ ᠭᠢᠨᠢ ᠣᠳᠤᠮ ᠳᠠᠰᠤᠯᠠᠭᠤᠯᠬᠤ ᠦᠭᠡᠶ ᠭᠡᠵᠤ

ᠠᠷᠠᠤᠨ ᠤᠨ ᠮᠥᠩᠭᠦ ᠪᠠᠷ ᠭᠦᠤ ᠪᠠᠰᠠ ᠨᠢᠭᠡ ᠲᠦᠷᠦᠯ᠎ᠠ

ᠥᠤᠷ ᠴᠠᠢ᠌ᠪᠠᠯ ᠁

ᠦᠨᠢᠶᠠᠨ ᠳᠡᠭᠡᠨ ᠶᠠᠪᠣᠳᠠᠭ

ᠥᠯᠦᠭᠡᠢ ᠲᠡᠶ ᠬᠡᠦᠬᠡᠳ ᠶᠢᠡᠨ ᠭᠦᠭᠦᠭᠦᠯᠦᠭᠡᠳ ᠶᠠᠪᠣᠳᠠᠭ

ᠥᠳᠡᠯᠦᠭᠡ ᠡᠵᠢ ᠶᠢ ᠨᠢ ᠣᠢ᠌ᠷᠠᠳᠤᠭᠤᠯᠤᠭᠠᠤᠨ ᠶᠠᠪᠣᠳᠠᠭ ᠁

ᠦᠳᠡ ᠪᠣᠯᠬᠤ ᠪᠠᠷ ᠥᠯᠦᠰᠦᠭᠡᠳ ᠢᠷᠡᠳᠡᠭ᠌

ᠦᠯᠴᠢᠷ ᠭᠦᠤ ᠪᠠᠨ ᠰᠠᠨᠠᠭᠠᠤᠨ ᠢᠷᠡᠳᠡᠭ᠌

ᠦᠷᠦᠰᠢᠶᠠᠯᠳᠤ ᠡᠵᠢ ᠪᠠᠨ ᠭᠦᠡᠳᠦᠯᠡᠭᠡᠳ ᠢᠷᠡᠳᠡᠭ᠌

ᠦᠨᠡᠨ ᠠᠮᠢᠳᠤᠷᠠᠯ ᠭᠡᠵᠤ ᠵᠥᠳᠡᠷᠡᠭᠡᠳ ᠢᠷᠡᠳᠡᠭ᠌ ᠁

ᠦᠳᠡᠰᠢ ᠰᠠᠭᠠᠭᠳᠠᠬᠤ ᠪᠠᠷ

ᠥᠨᠡᠭᠡᠨ ᠳᠠᠪᠠᠯ ᠣᠶᠤᠵᠤ ᠶᠠᠭᠠᠷᠠᠨ᠎ᠠ

ᠥᠳᠡᠯᠦᠭᠡ ᠪᠠᠯᠴᠢᠷ ᠠᠯᠢ ᠶᠢ ᠨᠢ ᠴᠤ ᠳᠠᠭᠠᠷᠠᠭᠤᠯᠬᠤ ᠦᠭᠡᠶ ᠭᠡᠵᠤ

ᠦᠪᠡᠷ ᠤᠨ ᠨᠥᠭᠦᠷ ᠪᠠᠨ ᠭᠦᠯᠢᠶᠡᠵᠤ ᠣᠶᠤᠨ᠎ᠠ

ᠡᠵᠢ ᠪᠠᠨ ᠭᠡᠵᠤ

ᠡᠯᠢᠭᠡ ᠪᠦᠳᠤᠨ ᠡᠷᠭᠢᠴᠡᠭᠦᠯᠵᠤ

ᠡᠵᠢ ᠨᠢ ᠭᠡᠵᠤ

ᠡᠪᠴᠢᠭᠦᠤ ᠳᠦᠭᠦᠷᠡᠳᠡᠯ᠎ᠡ ᠰᠠᠨᠠᠭᠰᠠᠨ ᠴᠤ

ᠡᠷ᠎ᠡ ᠨᠥᠭᠦᠷ ᠨᠢ

ᠡᠷᠯᠢᠭ᠌ ᠰᠢᠭ᠌ ᠠᠷᠢᠭᠢᠴᠢᠨ ᠪᠠᠢ᠌ᠭᠰᠠᠨ ᠣᠴᠢᠷ

ᠡᠨᠡ ᠪᠦᠰᠡᠭᠦᠢ

ᠡᠷ᠎ᠡ ᠶᠢᠨ ᠬᠠᠢ᠌ᠷ᠎ᠠ ᠪᠠᠷ ᠶᠠᠳᠠᠭᠤᠷᠠᠵᠠᠢ

ᠡᠷ᠎ᠡ ᠭᠦᠮᠤᠨ ᠳᠤ ᠣᠭᠢᠯᠠᠵᠠᠢ

ᠡᠨᠡᠦᠭᠡᠨ ᠨᠠᠰᠤ ᠪᠠᠨ ᠭᠤᠯᠤᠵᠠᠢ

ᠡᠡᠭ᠌ ᠳᠡᠯᠡᠭᠡᠢ ᠳᠤ ᠭᠤᠮᠤᠳᠠᠵᠠᠢ

ᠪᠦᠰᠡᠭᠦᠢ ᠭᠦᠮᠤᠨ ᠤ ᠵᠠᠶᠠᠭ᠎ᠠ

ᠪᠦᠮᠪᠦᠷᠴᠡᠭ᠌ ᠲᠤ ᠨᠠᠢ᠌ᠳᠠᠭᠰᠠᠨ ᠰᠤᠯᠢᠷ ᠪᠢᠰᠢ

ᠪᠦᠯᠢᠶᠡᠨ ᠳᠤᠯᠠᠭᠠᠨ ᠬᠠᠢ᠌ᠷ᠎ᠠ ᠶᠢᠨ ᠣᠠᠳᠤᠷᠤᠯ

ᠪᠦᠳᠤᠨ ᠳᠡᠷᠭᠡᠯ ᠠᠮᠢᠳᠤᠷᠠᠯ ᠤᠨ ᠳᠤᠯᠢ

ᠪᠦᠰᠡᠭᠦᠢ ᠭᠦᠮᠤᠨ ᠤ ᠵᠠᠶᠠᠭ᠎ᠠ

ᠪᠦᠭᠦ ᠭᠦᠮᠤᠨ ᠤ ᠡᠵᠢ︕

ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3458
ᠴᠠᠭ᠄ 2009 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ