☆ ᠭᠠᠳᠠᠨ
ᠰᠥᠷᠦᠭ᠌ ᠳᠠᠭᠢᠶᠠᠤᠨ
ᠡᠷᠦᠭᠡᠨ ᠤ ᠰᠠᠷᠠᠪᠴᠢᠨ ᠳ᠋ᠤ
ᠥᠭᠡᠭᠦᠯᠡᠵᠤ ᠬᠤᠨᠤᠭᠰᠠᠨ ᠴᠠᠰᠤ
ᠡᠳᠦᠷ ᠤᠨ ᠨᠠᠷᠠᠨ ᠳᠤ
ᠬᠠᠢ᠌ᠬᠠᠢ᠌ᠯᠠᠵᠤ ᠢᠷᠡᠭᠡᠳ ᠰᠠᠮᠰᠠᠷᠠᠨᠠ
ᠥᠩᠭᠡᠳᠤ ᠰᠤᠪᠣᠤᠨ
ᠭᠡᠯᠭᠢᠶᠡ ᠳᠠᠰᠤᠳᠠᠭᠰᠠᠨ ᠠᠳᠠᠯᠢ
ᠡᠭᠦᠳᠡᠨ ᠳᠡᠭᠡᠭᠦᠷ
ᠭᠢᠯᠠᠰᠤᠭᠠ ᠳᠠᠳᠠᠭᠠᠤᠨ ᠳᠤᠰᠤᠯᠠᠨᠠ
ᠬᠤᠭ ᠮᠠᠯᠳᠠᠭᠠᠤᠨ
ᠣᠯᠤᠭᠰᠠᠨ ᠱᠢᠷᠤ ᠳᠡᠭᠡᠨ ᠬᠠᠷᠠᠮᠰᠠᠨ
ᠭᠦᠮᠤᠨ ᠢ ᠴᠠᠭᠠᠰᠢ ᠪᠠᠨ
ᠣᠰᠤᠨ ᠳᠡᠨᠡᠭ᠌ ᠶᠢᠡᠷ ᠡᠯᠡᠭᠯᠡᠭᠦ
ᠰᠥᠷᠦᠭ᠌ ᠳᠠᠭᠢᠶᠠᠤᠨ
ᠳᠠᠷᠠ ᠴᠢᠮᠡᠭᠡ ᠪᠠᠷ ᠫᠦᠷᠴᠢᠭᠢᠨᠡᠯᠳᠤᠨ
ᠰᠥᠭᠡᠮ ᠭᠠᠵᠠᠷ ᠢ
ᠭᠤᠤ ᠭᠠᠷᠳᠠᠯᠠ ᠮᠠᠯᠳᠠᠵᠠᠭᠠᠨᠠ
ᠴᠠᠰᠤᠨ ᠴᠤᠭᠤᠴᠢᠬᠤ
ᠨᠠᠷᠠᠨ ᠤ ᠭᠡᠳᠡᠭᠡ ᠭᠦᠷᠴᠤ
ᠴᠠᠷᠠᠭᠠ ᠳᠠᠳᠠᠭᠠᠤᠨ
ᠣᠰᠤᠨ ᠤ ᠳᠤᠰᠤᠯ ᠢᠨᠢᠶᠠᠨᠠ
ᠴᠠᠭᠠᠨᠠ ᠪᠠᠨ ᠨᠢᠭᠡ ᠯᠠ
ᠭᠦᠡᠳᠡᠢ ᠬᠠᠤᠭᠢᠭᠤᠯᠤᠭᠠᠤᠨ ᠪᠣᠴᠠᠨ
ᠴᠠᠭ ᠡᠴᠡ ᠬᠠᠶᠠᠭᠳᠠᠭᠰᠠᠨ
ᠳᠡᠷᠭᠡᠨ ᠶᠠᠰᠢᠩ ᠳ᠋ᠤ ᠪᠠᠷᠪᠠᠢ᠌ᠵᠡᠭᠡᠨᠡ
ᠦᠳᠡ ᠶᠢᠨ ᠴᠠᠰᠤᠨ ᠤ
ᠰᠡᠭᠦᠳᠡᠷ ᠴᠠᠩᠳᠤᠭᠰᠠᠨ ᠵᠢᠩ ᠳᠤ
ᠦᠳᠦ ᠪᠠᠨ ᠥᠷᠪᠦᠯᠭᠡᠨ
ᠥᠷᠦᠭᠡᠰᠤᠨ ᠭᠦᠯ ᠶᠢᠡᠷ ᠳᠡᠭᠡᠢ᠌ᠵᠤ
ᠡᠭᠦᠳᠡᠨ ᠣᠷᠤᠭᠤ
ᠭᠤᠷᠤᠩ ᠭᠤᠷᠤᠩ ᠬᠠᠷᠠᠬᠤ ᠶᠢ ᠨᠢ
ᠡᠳᠦᠷ ᠤᠨ ᠨᠠᠷᠠᠨ
ᠳᠤᠰᠤᠩ ᠳᠤᠰᠤᠩ ᠶᠢᠡᠷ ᠬᠠᠷᠢᠭᠤᠯᠤᠨᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 2633
ᠴᠠᠭ᠄ 2009 ᠤᠨ ᠤ 05 ᠰᠠᠷᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ