☆ ᠦ᠊·ᠠᠯᠳᠠᠠᠪᠣᠯᠠᠭ
ᠠᠬ᠎ᠠ ᠶᠢ ᠪᠠᠨ ᠮᠦᠷᠦᠭᠡᠳᠦᠭ᠍ᠰᠡᠨ ᠰᠢᠯᠦᠭ᠌
1
《ᠣᠯᠠᠭᠠᠨ ᠪᠣᠷᠴᠠᠭ》᠊ᠤᠨ ᠮᠤᠳᠤᠨ ᠳᠤᠤᠷ᠎ᠠ
ᠣᠨ ᠰᠠᠷ᠎ᠠ ᠶᠢ ᠱᠤᠭᠤᠵᠤ
ᠣᠶᠠᠷᠠᠯ ᠤᠨ ᠮᠢᠩᠭ᠋ᠠᠨ ᠮᠥᠭᠦᠯᠢᠭ᠌ ᠭᠡᠯᠭᠢᠨ
ᠣᠴᠠᠷᠠᠯ ᠤᠨ ᠪᠠᠳᠤ ᠢᠳᠡᠭᠡᠯ ᠰᠠᠢ᠌ᠯᠵᠤ
ᠮᠠᠷᠳᠠᠵᠤ ᠴᠢᠳᠡᠬᠤ ᠥᠭᠡᠢ ᠳᠤᠷᠠᠰᠤᠯ
ᠮᠠᠨᠠᠨ ᠲᠡᠶ ᠳᠡᠭ᠍ᠷᠢ ᠳᠤ ᠭᠦᠪᠪᠦᠨ
ᠢᠨᠢᠶᠠᠳᠤ ᠬᠠᠨᠢᠶᠠᠳᠤ ᠲᠡᠶ ᠡᠳᠦᠷ ᠦᠳ
ᠶᠢᠯᠸᠢ ᠲᠡᠶ ᠶᠤᠮ ᠰᠢᠭ ᠵᠢᠭᠤᠷᠯᠠᠳᠤᠨ
ᠶᠢᠷᠢᠳᠢᠠᠴᠤ ᠶᠢᠨ ᠭᠦᠮᠤᠨ ᠤ ᠵᠠᠩᠰᠢᠯ ᠳ᠋ᠤ
ᠬᠠᠬᠤᠵᠤ ᠬᠠᠭᠰᠢᠨ ᠶᠠᠪᠣᠭᠰᠠᠨ
ᠬᠠᠯᠠᠭᠤᠨ ᠨᠠᠷᠠᠨ ᠤ ᠰᠡᠭᠦᠳᠡᠷ ᠳᠤ
ᠬᠠᠯᠠᠵᠤ ᠭᠡᠰᠦᠵᠤ ᠰᠡᠭᠡᠭᠡᠷᠡᠭ᠍ᠰᠡᠨ
ᠣᠷᠠᠢ ᠨᠠᠰᠤᠨ ᠤ ᠣᠴᠠᠷᠠᠯ ᠤᠳ
ᠣᠶᠠᠩᠭ᠋ᠠᠨ ᠰᠠᠨᠠᠭ᠎ᠠ ᠲᠡᠶ ᠡᠷᠭᠢᠭᠦ ᠳ᠋ᠤ
ᠣᠷᠳᠤ ᠬᠤᠷᠮᠤᠢ ᠲᠡᠶ ᠳᠠᠪᠭᠢᠯᠳᠤᠭᠰᠠᠨ
ᠣᠷᠢᠳᠤ ᠶᠢᠨ ᠳᠠᠭᠤᠤ ᠴᠤᠤᠷᠢᠶᠠᠯᠠᠵᠤ
ᠣᠩᠭ᠋ᠤᠨ ᠨᠢ ᠢᠪᠠᠭᠡᠭ᠍ᠰᠡᠨ ᠳᠡᠭ᠍ᠷᠢ ᠳ᠋ᠡᠭᠡᠨ
ᠡᠷᠭᠡᠯᠡᠵᠤ ᠠᠮᠢᠳᠤᠷᠠᠭᠰᠠᠨ ᠪᠣᠳᠤᠭᠳᠠᠵᠤ
ᠣᠶᠤᠨ ᠰᠦᠨᠠᠰᠤ ᠶᠢ ᠳᠠᠯᠠᠯᠤᠭᠰᠠᠨ
ᠣᠩᠭ᠋ᠤᠨ ᠰᠠᠷᠠᠯ ᠤᠨ ᠦᠣᠷᠰᠦᠭᠡ
ᠣᠰᠤᠨ ᠳᠤᠩᠭ᠋ᠠᠯᠠᠭ ᠨᠠᠭᠤᠷ ᠤᠨ
ᠨᠤᠭᠤᠰᠤᠨ ᠤ ᠭᠠᠩᠭ᠋ᠠᠨᠠᠭ᠎ᠠ ᠰᠤᠨᠤᠰᠳᠠᠵᠤ
ᠴᠡᠩᠭᠡᠷ ᠳᠡᠭ᠍ᠷᠢ ᠳᠤ ᠴᠡᠴᠡᠭᠯᠡᠭ᠍ᠰᠡᠨ
ᠡᠭᠦᠯᠡᠰ ᠤᠨ ᠭᠡ ᠬᠠᠷᠠᠭᠳᠠᠵᠤ
ᠴᠡᠯᠡᠭᠡᠷ ᠳᠠᠠᠵᠢᠨ ᠳᠤ ᠪᠠᠯᠴᠢᠭ᠍ᠰᠡᠨ
ᠮᠠᠯ ᠤᠨ ᠭᠡᠰᠢᠭ᠌ ᠠᠮᠰᠠᠭᠳᠠᠵᠤ
ᠴᠡᠪᠠᠷᠭᠡᠨ ᠠᠭᠠᠷ ᠲᠡᠶ ᠨᠤᠳᠤᠭ ᠤᠨ
ᠴᠡᠴᠡᠭ᠌ ᠰᠢᠪᠠᠭᠤᠳ ᠲᠡᠶ ᠡᠷᠡᠭᠡᠯᠡᠨ
ᠡᠡᠯᠳᠡᠢ᠂ ᠭᠡᠨᠳᠡᠢ᠂ ᠭᠢᠩᠭ᠋ᠡᠨ ᠳ᠋ᠤ
ᠠᠪᠣ ᠶᠢᠨ ᠭᠤᠮᠤᠮᠳᠠ ᠪᠠᠳᠠᠷᠠᠭᠠᠵᠤ
ᠠᠷᠤ᠂ ᠦᠪᠣᠷ᠂ ᠤᠢ᠌ᠷᠠᠤᠨ᠁
ᠭᠡᠯᠡ ᠣᠯᠠ ᠪᠠᠨ ᠣᠯᠤᠯᠴᠠᠵᠤ
ᠠᠠᠳᠠ ᠨᠥᠭᠦᠤᠨ ᠪᠦᠭᠦᠳᠡᠭᠡᠷ
ᠠᠷᠢᠭᠤᠨ ᠰᠡᠳᠭᠢᠯ ᠶᠢᠡᠨ ᠨᠠᠪᠳᠠᠷᠠᠯᠴᠠᠵᠤ
ᠠᠵᠠ ᠵᠶᠠᠶᠠᠭᠠᠨ ᠤ ᠳᠡᠩᠨᠡᠭᠦᠡᠷ ᠵᠢᠠᠨ
ᠡᠵᠡᠨ ᠭᠦᠮᠤᠨ ᠰᠢᠭ᠌ ᠲ᠋ᠡᠩᠴᠡᠭᠦᠯᠵᠤ
ᠡᠭᠡᠯ ᠵᠢᠷ ᠤᠨ ᠠᠮᠢᠳᠤᠷᠠᠯ ᠳ᠋ᠤ
ᠡᠷ᠎ᠡ ᠮᠦᠰᠤ ᠪᠠᠨ ᠲᠦᠰᠢᠯᠴᠠᠵᠤ
ᠡᠶᠡᠯᠡᠵᠤ ᠡᠪᠯᠡᠭᠦ ᠡᠷᠳᠡᠮ ᠢ
ᠦᠰᠭᠦ ᠨᠠᠰᠤᠨ ᠳ᠋ᠤ ᠰᠤᠷᠤᠯᠴᠠᠵᠤ
ᠥᠩᠭᠡᠳᠤ ᠶᠢᠨ ᠥᠩᠭᠡᠷᠡᠤ ᠡᠭᠡᠳᠡᠷᠡᠭᠡᠨ ᠳ᠋ᠤ
ᠦᠰᠤᠷᠴᠤ ᠳᠡᠭ᠍ᠳᠡᠨ ᠳᠡᠩᠳᠡᠭᠦ ᠳ᠋ᠡᠭᠡᠨ
ᠦᠨ᠎ᠡ ᠲᠡᠶ ᠶᠠᠭᠤᠮ᠎ᠠ ᠪᠠᠨ ᠮᠡᠳᠡᠭᠡ ᠥᠭᠡᠢ
ᠦᠪᠡᠷ ᠶᠢᠡᠨ ᠴᠢᠯᠠᠭᠤᠳᠠᠵᠤ ᠶᠠᠪᠣᠯ᠎ᠠ ᠳ᠋ᠠ
ᠦᠯᠵᠡᠢ ᠪᠣᠶᠠᠨ ᠤ ᠭᠦᠷᠦᠩᠭᠡ ᠪᠠᠨ
ᠥᠭᠯᠢᠭᠡ ᠪᠤᠯᠭᠠᠨ ᠦᠷᠡᠭᠡᠯᠡ ᠳᠡ᠃
2
ᠵᠠᠯᠢ ᠲᠡᠶ ᠢᠪᠠᠭᠡᠰᠤ ᠳᠤ ᠵᠠᠢ᠌ᠳᠠᠨ
ᠵᠠᠮ ᠵᠠᠮ ᠶᠢᠡᠨ ᠭᠦᠭᠡᠭᠡᠯᠡ ᠦᠦ ︖
ᠵᠠᠢ ᠵᠠᠢ ᠳᠠᠭᠠᠨ ᠬᠤᠯᠠᠳᠠᠭᠰᠠᠭᠠᠷ
ᠵᠠᠨᠤᠯ ᠭᠤᠮᠤᠳᠠᠯ ᠨᠡᠮᠡᠭ᠍ᠳᠡᠯ᠎ᠡ ᠤᠤ
ᠪᠣᠰᠤᠳ ᠤᠨ ᠣᠬᠠᠭᠠᠨ ᠳᠤ ᠡ᠊ᠨᠳᠡᠵᠤ
ᠪᠣᠭᠤᠮᠢᠨ ᠳ᠋ᠤ ᠭᠦᠵᠦᠭᠦᠤ ᠪᠠᠨ ᠭᠢᠯ᠎ᠠ ᠤᠤ
ᠪᠣᠷᠤᠭᠤ ᠵᠦᠪ ᠤᠨ ᠠᠭᠤᠯᠵᠠᠭᠤᠷ ᠳᠤ
ᠪᠣᠳᠤᠯ ᠶᠢᠡᠨ ᠡ᠊ᠨᠳᠡᠭᠦᠤ ᠰᠤᠩᠭ᠋ᠤᠯᠠ ᠤᠤ
ᠠᠷᠢᠶᠠᠳᠠᠨ ᠵᠠᠷᠤᠳᠠᠭ ᠵᠡᠪᠰᠡᠭ᠌ ᠵᠢᠠᠨ
ᠠᠬ᠎ᠠ ᠳᠡᠭᠦᠤ ᠬᠤᠭᠤᠷᠤᠠᠳᠤ ᠪᠠᠨ ᠭᠦᠳᠡᠯᠭᠡᠯᠡ
ᠠᠶᠠᠨ ᠳᠠᠢ᠌ᠨ ᠤ ᠡᠴᠦᠰ ᠳᠤ
ᠠᠯᠳᠠᠭᠰᠠᠨ ᠨᠢ ᠣᠯᠠᠨ ᠪᠣᠯᠤᠯ᠎ᠠ ᠤᠤ
ᠰᠠᠨᠠᠭ᠎ᠠ ᠮᠠᠭᠤᠳᠤ ᠶᠢᠨ ᠥᠭᠡ ᠪᠠᠷ
ᠰᠠᠮᠵᠠ ᠰᠢᠭ᠌ ᠯᠠ ᠳᠤᠭᠯᠠᠯ᠎ᠠ ᠳ᠋ᠠ
ᠰᠠᠳᠤᠨ ᠳᠦᠷᠤᠯ ᠬᠤᠭᠤᠷᠤᠠᠳᠤ ᠪᠠᠨ
ᠰᠠᠯᠵᠤ ᠪᠣᠳᠠᠷᠠᠵᠤ ᠣᠳᠠᠯ᠎ᠠ ᠳ᠋ᠠ᠃
ᠣᠷᠴᠢᠯᠠᠩ ᠤᠨ ᠭᠢᠵᠠᠭᠠᠷ ᠳᠡᠭᠦᠤ ᠴᠢᠨᠢ
ᠣᠶᠠᠷᠠᠵᠤ ᠳᠤᠷᠠᠰᠤᠨ ᠮᠦᠷᠦᠭᠡᠳᠬᠦ ᠳ᠋ᠤ
ᠣᠷᠣᠢ᠌ᠳᠠᠵᠤ ᠴᠤᠭᠤᠷᠤᠭᠰᠠᠨ ᠣᠬᠠᠭᠠᠨ ᠮᠢᠨᠢ
ᠣᠴᠢᠷ ᠪᠠᠨ ᠣᠯᠬᠤ ᠦᠭᠡᠶ ᠰᠢᠨᠤᠯᠤᠨᠠ
ᠡᠭᠡ ᠶᠢᠨ ᠭᠡᠪᠠᠯᠢ ᠨᠢᠭᠡᠳᠴᠦ
ᠡᠩᠬᠦᠷᠡᠢ ᠬᠠᠢ᠌ᠷ᠎ᠠ ᠶᠢ ᠨᠢ ᠬᠤᠪᠢᠶᠠᠯᠴᠠᠯ᠎ᠠ
ᠡᠴᠢᠭᠡ ᠶᠢᠨ ᠭᠡᠰᠢᠭ᠌ ᠲᠤ ᠪᠠᠭᠳᠠᠵᠤ
ᠡᠶ᠎ᠡ ᠵᠢᠷᠤᠮ ᠲᠡᠶ ᠶᠠᠪᠣᠭᠰᠠᠨ ᠶᠤᠮ
ᠡᠰᠢ ᠶᠤᠰᠤ ᠪᠠᠨ ᠪᠣᠳᠤᠭᠠᠤᠨ
ᠡᠶᠡᠳᠡᠵᠤ ᠪᠣᠯᠬᠤ ᠦᠭᠡᠶ ᠨᠢ ᠶᠠᠭᠤ ᠶᠤᠮ᠃
ᠠᠪᠳᠠᠷ᠎ᠠ ᠳᠦᠭᠦᠷᠡᠩ ᠠᠯᠳᠠ ᠮᠥᠩᠭᠦ
ᠠᠭᠢᠭᠠᠤᠨ ᠣᠯᠳᠠᠬᠤ ᠳᠤ ᠠᠮᠠᠷᠬᠠᠨ
ᠠᠮᠠᠷᠠᠭ ᠰᠠᠳᠤᠨ ᠤ ᠬᠤᠯᠪᠣᠭ᠎ᠠ
ᠡᠨᠡ ᠨᠢᠭᠡᠭᠡᠨ ᠳᠦᠷᠤᠯ ᠳᠤ ᠶᠤᠮ᠃
3
ᠡᠡᠩ ᠵᠠᠩ ᠶᠢᠡᠨ ᠪᠢᠳᠠ
ᠡᠡᠮᠡ ᠭᠡᠯᠡ ᠪᠠᠷ ᠣᠯᠤᠯᠴᠠᠶ᠎ᠠ
ᠠᠯᠳᠠᠨ ᠳᠡᠯᠡᠭᠡᠢ ᠶᠢᠨ ᠭᠡᠰᠢᠭ᠌ ᠢ
ᠠᠷᠢᠭᠤᠨ ᠳᠡᠭ᠍ᠰᠢ ᠪᠠᠷ ᠬᠤᠪᠢᠶᠠᠯᠴᠠᠶ᠎ᠠ
ᠨᠠᠷᠠᠨ ᠤ ᠬᠤᠶᠠᠷ ᠥᠵᠦᠭᠦᠷ ᠢ ᠪᠢᠳᠠ
ᠨᠠᠭᠠᠳᠤᠮ ᠶᠢᠡᠷ ᠮᠠᠳᠠᠵᠤ ᠥᠩᠭᠡᠷᠡᠭ᠍ᠰᠡᠨ ᠶᠤᠮ
ᠨᠠᠮᠤᠳᠠᠷᠢᠶᠠ ᠮᠦᠷᠠᠨ ᠤ ᠭᠦᠪᠠᠭᠡ ᠵᠢ
ᠮᠤᠷᠢ ᠪᠠᠷ ᠬᠤᠯᠪᠣᠵᠤ ᠶᠠᠪᠣᠭᠰᠠᠨ ᠶᠤᠮ
ᠮᠥᠭᠦᠰ ᠤᠬᠠᠭᠠᠨ ᠲᠡᠶ ᠳᠡᠭᠦᠤ ᠨᠢ
ᠮᠦᠰᠤᠨ ᠳᠤ ᠬᠠᠯᠳᠤᠷᠢᠵᠤ ᠰᠡᠷᠭᠦᠯ᠎ᠡ
ᠮᠥᠮᠥ ᠶᠢᠨ ᠠᠯᠳᠠᠨ ᠰᠤᠷᠭᠠᠯ ᠢ
ᠮᠦᠨ ᠶᠤᠰᠤ ᠪᠠᠷ ᠨᠢ ᠣᠬᠠᠭᠠᠷᠠᠯ᠎ᠠ
ᠠᠶᠠᠭ᠎ᠠ ᠲᠡᠶ ᠴᠠᠢ ᠪᠠᠨ ᠬᠤᠪᠢᠶᠠᠯᠴᠠᠭᠰᠠᠨ
ᠠᠮᠠᠷᠠᠭ ᠡᠳᠦᠷ ᠤᠳ ᠰᠠᠨᠠᠭᠳᠠᠨ᠎ᠠ
ᠠᠪᠠ ᠶᠢᠨ ᠭᠦᠷᠢᠶ᠎ᠡ ᠪᠢᠳᠡᠭᠦᠯᠡᠭ᠍ᠰᠡᠨ
ᠠᠭᠤᠤ ᠬᠤᠷᠤᠮ ᠤᠳ ᠡᠷᠢᠭ᠍ᠳᠡᠨ᠎ᠡ
ᠠᠪᠣ ᠶᠢᠨ ᠵᠠᠭᠢᠶ᠎ᠠ ᠡᠴᠡ ᠳᠠᠯᠳᠠᠭᠤᠷ
ᠠᠳᠠᠭ᠎ᠠ ᠲᠡᠶ ᠶᠠᠪᠣᠭᠰᠠᠨ ᠳᠠᠭᠠᠨ ᠭᠡᠮᠰᠢᠨ᠎ᠡ᠃
ᠠᠬ᠎ᠠ ᠳᠠᠨ ᠤ ᠨᠢᠳᠤᠨ ᠳ᠋ᠤ
ᠰᠢᠷᠤᠢ ᠰᠠᠴᠤᠭᠰᠠᠨ ᠳᠠᠭᠠᠨ ᠭᠡᠮᠰᠢᠨ᠎ᠡ
ᠵᠠᠰᠠᠵᠤ ᠪᠣᠯᠳᠠᠭ ᠪᠣᠷᠤᠭᠤ ᠪᠠᠨ
ᠵᠠᠯᠠᠵᠤ ᠠᠪᠬᠤ ᠶᠢ ᠭᠢᠴᠢᠶᠠᠶᠠ
ᠵᠠᠩ ᠰᠠᠢ᠌ᠳᠠᠢ ᠠᠬ᠎ᠠ ᠮᠢᠨᠢ
ᠵᠠᠭᠠᠮ᠎ᠠ ᠲᠡᠶ ᠡᠡᠭ᠍ᠭᠢᠷ ᠶᠢᠡᠨ ᠳᠡᠯᠭᠡᠨᠡᠤ
ᠠᠭᠤᠳᠠᠮ ᠳᠡᠨᠢᠭᠡᠷ ᠨᠤᠲᠤᠭ ᠳᠠᠭᠠᠨ
ᠠᠭᠤᠰᠴᠤ ᠬᠠᠮᠳᠤ ᠪᠠᠷ ᠪᠠᠭᠳᠠᠯᠴᠠᠶᠠ
ᠣᠷᠤᠰᠬᠠᠯ ᠳᠤᠩᠭ᠋ᠠᠯᠠᠭ ᠣᠰᠤ ᠪᠠᠨ
ᠣᠤᠭᠤᠵᠤ ᠬᠠᠮᠳᠤ ᠪᠠᠷ ᠠᠮᠢᠳᠤᠷᠠᠶ᠎ᠠ ︕
ᠭᠦᠨ ᠴᠡᠩᠭᠡᠷ ᠳᠡᠭ᠍ᠷᠢ ᠪᠠᠨ
ᠭᠦᠷᠤᠨ ᠤ ᠶᠤᠰᠤ ᠪᠠᠷ ᠳᠡᠭᠡᠳᠦᠯᠡᠶ᠎ᠡ
ᠭᠦᠪᠠᠭᠦᠨ ᠠᠴᠢᠨᠠᠷ ᠣᠮᠪᠣᠯᠤ ᠁ ᠪᠠᠨ
ᠭᠦᠮᠤᠨ ᠤ ᠶᠤᠰᠤ ᠪᠠᠷ ᠨᠥᠭᠦᠷᠯᠡᠭᠦᠯᠦᠶᠡ
ᠭᠦᠮᠦᠵᠢᠯ ᠤᠨ ᠬᠠᠳᠠᠭᠤ ᠬᠠᠷᠭᠤᠢ ᠳ᠋ᠤ
ᠭᠦᠯ ᠳ᠋ᠤᠨᠢ ᠳᠡᠩᠴᠡᠭᠦᠯᠵᠤ ᠳᠠᠯᠪᠢᠶ᠎ᠠ
ᠭᠦᠭ᠍ᠵᠢᠵᠤ ᠪᠠᠢ᠌ᠬᠤ ᠡᠷᠡᠨ ᠤ
ᠭᠦᠴᠦᠳᠡᠨ ᠤ ᠡᠡᠭ᠍ᠨᠡᠭᠡᠨ ᠳᠤ ᠣᠷᠤᠭᠤᠯᠤᠶᠠ ︕
ᠴᠠᠭ ᠳᠦᠷᠤ ᠶᠢᠨ ᠳᠤᠭᠤᠰᠤᠨ ᠳ᠋ᠤ
ᠴᠠᠯᠠᠭᠠᠢ ᠪᠣᠤ ᠯᠠ ᠶᠠᠪᠣᠭᠤᠯᠤᠶ᠎ᠠ
4
《 ᠴᠤᠪᠣᠵᠤ ᠶᠠᠪᠣᠭᠰᠠᠨ ᠪᠠᠷᠰ
ᠴᠤᠭᠯᠠᠷᠠᠵᠤ ᠰᠠᠭᠤᠭᠰᠠᠨ ᠱᠠᠭᠠᠵᠠᠭᠠᠢ》ᠶ᠋ᠢᠨ ᠳᠤᠬᠠᠢ
ᠥᠩᠭᠡᠷᠡᠭ᠍ᠰᠡᠨ ᠲ᠋ᠡᠦᠭᠡ ᠮᠡᠨᠦᠰ ᠳᠤ
ᠥᠯᠢᠭᠡᠷ ᠶᠠᠷᠢᠭᠠᠳ ᠪᠠᠢ᠌ᠬᠤ ᠶᠤᠮ᠃
ᠦᠨᠡᠨ ᠶᠠᠭᠤᠮᠠᠨ ᠤ ᠡᠮᠦᠨ᠎ᠡ ᠪᠢᠳᠠ
ᠥᠩᠭᠡᠷᠡᠤ ᠵᠦᠷᠢᠭᠦᠳᠯᠡᠵᠤ ᠶᠠᠭᠤ ᠭᠢᠨ᠎ᠠ
ᠥᠭᠡᠷ ᠳᠡᠷᠭᠡ ᠪᠠᠷ ᠲ᠋ᠤᠯᠡᠢ ᠭᠦᠢᠴᠡᠭᠦ
ᠣᠯᠳᠤᠢ ᠣᠬᠠᠭᠠᠠᠳᠤ ᠠᠮᠢᠳᠤᠷᠠᠯ
ᠠᠢ ᠳ᠋ᠠ ︕ ᠠᠬ᠎ᠠ ᠮᠢᠨᠢ
ᠠᠯᠢ ᠭᠡᠳᠥᠢᠨ ᠥᠩᠭᠡᠷᠡᠵᠡᠢ᠃
ᠠᠬ᠎ᠠ ᠳᠡᠭᠦᠤ ᠭᠡᠳᠦᠭᠦᠯᠡ ᠪᠠᠨ
ᠠᠯᠤᠰ ᠢ ᠪᠣᠳᠤᠬᠤ ᠣᠴᠢᠷ ᠳᠠᠢ
ᠰᠥᠰᠦᠭ᠌ ᠰᠥᠵᠢᠭ᠌ ᠶᠢᠡᠨ ᠣᠳᠤ
ᠰᠦᠰᠦ ᠶᠡᠭᠡᠳᠡᠢ ᠨᠢᠭᠡᠳᠭᠡᠵᠤ
ᠰᠦᠷᠭᠡᠤ ᠶᠠᠭᠤᠮᠠᠨ ᠤ ᠥᠭᠡᠳᠡ ᠡᠴᠡ
ᠰᠦᠷᠴᠤ ᠪᠣᠰᠬᠤ ᠴᠠᠭ ᠪᠣᠯᠵᠠᠢ᠃
ᠠᠢ ᠳ᠋ᠠ᠂ ᠠᠬ᠎ᠠ ᠮᠢᠨᠢ ︕
ᠠᠢ᠌ᠯᠴᠢᠯᠠᠵᠤ ᠮᠠᠨ ᠤ ᠳᠤ ᠢᠷᠡᠭᠡᠷᠡᠢ
ᠠᠯᠢ ᠡᠷᠳᠡᠨ ᠤ ᠵᠢᠷᠤᠮ ᠵᠢᠠᠨ
ᠥᠨᠡᠡᠴᠢ ᠭᠡᠪ ᠶᠢᠡᠷ ᠨᠢ ᠰᠡᠷᠭᠦᠭᠡᠶ᠎ᠡ
ᠠᠷᠢᠭᠤᠨ ᠴᠠᠢ᠌ᠯᠭᠠᠨ ᠡᠯᠢᠭᠡ ᠪᠠᠷ ᠵᠢᠠᠨ
ᠨᠠᠢ᠌ᠷ ᠲᠡᠶ ᠰᠠᠢ᠌ᠬᠠᠨ ᠵᠤᠯᠭᠠᠯᠠᠳᠤᠶᠠ ︕
ᠵᠤᠬᠢᠶᠠᠭᠴᠢ ᠶᠢᠨ ᠬᠠᠶᠢᠭ ᠄ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2705
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ