☆ ᠭᠡᠭᠡᠡᠳᠢᠪ
ᠳᠡᠭ᠍ᠷᠢ ᠶᠢᠨ ᠪᠣᠳᠤᠭᠤ
ᠳᠡᠭ᠍ᠷᠢ ᠶᠢᠨ ᠪᠣᠳᠤᠭᠤ
ᠳᠡᠭ᠍ᠷᠢ ᠡᠴᠠ ᠬᠠᠢ᠌ᠷᠠᠯᠠᠭᠰᠠᠨ ᠪᠣᠳᠤᠭᠤ ᠪᠠᠢ᠌ᠪᠠ
ᠳᠠᠯ᠎ᠠ ᠨᠤᠳᠤᠭ ᠤᠨ ᠡᠪᠦᠷ ᠲᠤ
ᠡᠮᠡᠭᠡᠯ ᠲᠡᠶ ᠪᠠᠨ ᠪᠠᠭᠤᠭᠰᠠᠨ ᠭᠦᠷᠦᠩᠭᠡ ᠪᠠᠢ᠌ᠪᠠ
ᠳᠠᠩᠰᠤᠭ ᠠᠮᠢᠳᠤᠷᠠᠯ ᠢ ᠲᠡᠳᠬᠦᠭ᠍ᠰᠡᠨ
ᠨᠡᠭᠦᠳᠡᠯ ᠤᠨ ᠥᠩᠭᠡ ᠲᠡᠶ ᠠᠴᠢᠳᠠᠨ ᠪᠠᠢ᠌ᠪᠠ
ᠳᠠᠯᠠᠨ ᠰᠠᠷᠭᠢᠨᠠᠭ ᠶᠢᠡᠷ ᠶᠢᠡᠨ ᠳᠠᠢ᠌ᠳᠤᠵᠤ ᠢᠷᠡᠭ᠍ᠰᠡᠨ
ᠳᠠᠰᠪᠣᠷᠢ ᠳᠠᠪᠴᠢᠶᠠᠷᠢ ᠶᠢᠨ ᠪᠦᠷᠢᠯᠸ᠎ᠡ ᠪᠠᠢ᠌ᠪᠠ
ᠳᠡᠨᠢᠭᠡᠷ ᠭᠤᠪᠢ ᠶᠢᠨ ᠳᠡᠩᠭᠡᠭᠡ ᠭᠡᠳᠡᠭ᠌ ᠢ
ᠰᠢᠯᠭᠠᠵᠤ ᠢᠷᠡᠭ᠍ᠰᠡᠨ ᠳᠠᠮᠢᠷ ᠪᠠᠢ᠌ᠪᠠ
ᠳᠠᠪᠤᠨ ᠬᠤᠰᠢᠭᠤ ᠮᠠᠯ ᠤᠨ ᠶᠢᠡᠨ
ᠭᠣᠢ᠌ᠳᠠ ᠨᠢᠭᠡ ᠳᠦᠷᠰᠤ ᠪᠠᠢ᠌ᠪᠠ
《ᠠᠷᠪᠠᠨ ᠬᠤᠶᠠᠷ ᠵᠢᠯ》 ᠭᠡᠳᠡᠭ᠌ ᠢ
ᠠᠰ ᠶᠢᠡᠷ ᠶᠢᠡᠨ ᠪᠠᠭᠳᠠᠭᠠᠭᠰᠠᠨ ᠣᠨᠢᠰᠤᠭ᠎ᠠ ᠪᠠᠢ᠌ᠪᠠ
《ᠡᠯᠡᠰᠤᠨ ᠭᠤᠪᠢ ᠶᠢᠨ ᠵᠠᠪᠢ》 ᠭᠡᠵᠤ
ᠣᠠᠴᠠᠭᠠᠢ ᠴᠤᠬᠤᠯᠪᠣᠷᠢ ᠲᠡᠶ ᠮᠠᠭᠳᠠᠭᠤ ᠪᠠᠢ᠌ᠪᠠ
ᠲ᠋ᠡᠭ᠍ᠷᠢ ᠶᠢᠨ ᠪᠣᠳᠤᠭᠤ
ᠳᠡᠭ᠍ᠷᠢ ᠳᠤ ᠪᠠᠨ ᠪᠣᠴᠠᠭᠰᠠᠨ ᠪᠣᠳᠤᠭᠤ ᠪᠠᠢ᠌ᠪᠠ
ᠳᠤᠩᠭ᠋ᠠᠯᠠᠭ ᠭᠡᠭᠡᠨ ᠨᠢᠯᠪᠣᠰᠤ ᠪᠠᠨ
ᠳᠤᠨᠤᠯᠵᠢᠭᠤᠯᠵᠤ ᠠᠶᠠᠷᠯᠠᠭᠰᠠᠨ ᠡᠷᠳᠡᠨᠢ ᠪᠠᠢ᠌ᠪᠠ
ᠢᠵᠠᠭᠤᠷ ᠭᠦᠷᠦᠩᠭᠡ ᠶᠢᠨ ᠬᠠᠠᠳᠠ ᠶᠢ
ᠶᠡᠭᠦᠳᠭᠡᠵᠤ ᠠᠪᠠᠴᠢᠭᠰᠠᠨ ᠡᠪᠦᠭᠡᠨ ᠪᠠᠢ᠌ᠪᠠ
ᠶᠡᠭᠡ ᠮᠤᠩᠭ᠋ᠤᠯ ᠤᠨ ᠡᠭᠦᠳᠡᠨ ᠡᠴᠠ
ᠶᠠᠭᠠᠷᠠᠤ ᠪᠣᠴᠠᠭᠰᠠᠨ ᠭᠠᠭᠴᠠᠭᠠᠷᠳᠠᠯ ᠪᠠᠢ᠌ᠪᠠ
ᠳᠤᠳᠤᠭᠠᠳᠤ ᠣᠬᠠᠭᠠᠨ ᠤ ᠬᠠᠷᠭᠤᠰᠠᠯ ᠢ ᠨᠢ
ᠳᠠᠢ᠌ᠰᠠᠨᠠ ᠪᠣᠢ᠌ᠯᠠᠭᠤᠯᠤᠭᠰᠠᠨ ᠳᠤᠷᠠᠳᠬᠠᠯ ᠪᠠᠢ᠌ᠪᠠ
ᠳᠤᠯᠤᠭᠠᠢ ᠬᠠᠷᠠᠴᠤᠳ ᠤᠨ ᠨᠢᠭᠦᠯ ᠤᠨ ᠶᠢᠡᠨ
ᠳᠠᠢ᠌ᠤᠠᠬᠤᠷᠠᠭᠤᠯᠤᠯ ᠶᠢᠡᠨ ᠣᠯᠵᠤ ᠪᠠᠢ᠌ᠭ᠎ᠠ ᠣᠬᠠᠭᠠᠷᠠᠯ ᠪᠠᠢ᠌ᠪᠠ
ᠳᠡᠭ᠍ᠷᠢ ᠶᠢᠨ ᠪᠣᠳᠤᠭᠤ ᠶᠠᠪᠣᠪᠠ
ᠳᠡᠰᠭᠦ ᠠᠯᠳᠠᠷᠠᠬᠤ ᠳᠤ ᠪᠠᠨ ᠶᠠᠪᠣᠪᠠ
ᠳᠡᠷᠭᠡᠯ ᠪᠦᠳᠤᠨ ᠠᠮᠢᠳᠤᠷᠠᠯ ᠤᠨ
ᠭᠦᠷᠢᠶ᠎ᠡ ᠶᠢ ᠨᠢ ᠰᠡᠳᠡᠯᠦᠭᠡᠳ ᠶᠠᠪᠣᠪᠠ
ᠳᠠᠪᠭᠢᠵᠤ ᠢᠷᠡᠭ᠍ᠰᠡᠨ ᠳᠡᠦᠭᠡᠨ ᠵᠠᠮ ᠶᠢᠡᠷ ᠶᠢᠡᠨ
ᠳᠠᠩᠭᠢᠨᠠᠳᠠᠯ᠎ᠠ ᠰᠡᠭᠦᠷᠡᠰᠦᠯᠡᠭᠡᠳ ᠶᠠᠪᠣᠪᠠ
ᠳᠠᠯ᠎ᠠ ᠶᠢᠨ ᠭᠦᠮᠤᠨ ᠤ ᠳᠤᠯᠳᠤ ᠵᠢᠷᠦᠭᠡᠨ ᠳᠤ
ᠳᠠᠭᠤ ᠪᠠᠨ ᠬᠠᠳᠠᠭᠠᠤᠨ ᠶᠠᠪᠣᠪᠠ
ᠳᠤᠤᠯᠠ ᠶᠢᠨ ᠠᠷᠢᠭᠤᠨ ᠣᠮᠳᠠ ᠡᠴᠠ
ᠬᠤᠰᠢᠭᠤ ᠪᠠᠨ ᠡᠷᠭᠦᠭᠡᠳ ᠶᠠᠪᠣᠪᠠ
ᠳᠡᠭ᠍ᠷᠢᠯᠢᠭ᠌ ᠨᠤᠳᠤᠭ ᠤᠨ ᠳᠠᠪᠤᠨ ᠴᠤᠯᠤ ᠡᠴᠠ
ᠨᠢᠭᠡ ᠶᠢ ᠨᠢ ᠰᠤᠭᠤᠯᠤᠭᠠᠤᠨ ᠶᠠᠪᠣᠪᠠ
ᠳᠡᠭ᠍ᠷᠢ ᠶᠢᠨ ᠪᠣᠳᠤᠭᠤ ᠶᠠᠪᠣᠪᠠ
ᠳᠠᠷ ᠶᠢᠡᠨ ᠪᠠᠷᠠᠭᠠᠤᠨ ᠶᠠᠪᠣᠪᠠ
ᠳᠠᠭᠢᠵᠤ ᠭᠡᠵᠢᠶ᠎ᠡ ᠢᠷᠡᠭᠦ ᠪᠠᠨ
ᠪᠣᠯᠵᠤᠵᠤ ᠭᠡᠯᠡᠭ᠍ᠰᠡᠨ ᠦᠭᠡᠶ ᠶᠠᠪᠣᠪᠠ
ᠳᠦᠭᠦᠮ ᠭᠠᠵᠠᠷ ᠤᠨ ᠪᠠᠯᠴᠢᠭᠡᠷ ᠶᠢᠡᠨ
ᠳᠠᠭᠢᠠᠳᠠ ᠥᠨᠦᠷᠯᠡᠭ᠍ᠰᠡᠭᠡᠷ ᠶᠠᠪᠣᠪᠠ
ᠳᠠᠪᠤᠨ ᠡᠷᠳᠡᠨᠢ ᠶᠢᠨ ᠰᠦᠷᠦᠭ᠌ ᠴᠢᠨᠢ
ᠭᠡᠯᠳᠡᠷᠭᠡᠢ ᠪᠣᠯᠵᠤ ᠰᠢᠤ ᠭᠡᠳ ᠶᠠᠪᠣᠪᠠ
ᠳᠠᠮᠤᠵᠢᠨ ᠳᠡᠭᠡᠳᠦᠰ ᠤᠨ ᠦᠪ ᠴᠢᠨᠢ
ᠳᠠᠰᠤᠷᠬᠠᠢ ᠪᠣᠯᠤᠨ᠎ᠠ ᠰᠢᠤ ᠭᠡᠳ ᠶᠠᠪᠣᠪᠠ
ᠳᠤᠰᠤᠯᠠᠬᠤ ᠨᠢᠳᠤᠨ ᠤ ᠨᠢᠯᠪᠣᠰᠤ ᠶᠢ ᠴᠢᠨᠢ
ᠳᠡᠭ᠍ᠷᠢ ᠡᠴᠠ ᠬᠠᠷᠠᠵᠤ ᠪᠠᠢ᠌ᠶ᠎ᠠ ᠭᠡᠳ ᠶᠠᠪᠣᠪᠠ ᠡ
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠳᠦᠩᠯᠢᠶᠤᠤ ᠬᠤᠳᠠ ᠭᠦᠷᠢᠶ᠎ᠡ ᠬᠤᠰᠢᠭᠤᠨ ᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠡᠭᠡᠡᠳᠢᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10755
ᠴᠠᠭ᠄ 2013 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ