ᠨᠡᠪᠲᠡᠷᠡᠨ ᠤᠷᠤᠬᠤ
ᠳᠡᠮᠡᠭᠡ ᠨᠢ ᠶᠠᠭᠤ ᠪᠣᠢ

《ᠠᠪᠣ ᠡ᠂ ᠳᠡᠮᠡᠭᠡ ᠨᠢ ᠶᠠᠭᠤ ᠪᠣᠢ ︖》

《ᠡᠨ ᠁》 ᠪᠢᠴᠢᠬᠠᠨ ᠭᠡᠦᠭᠡᠨ ᠤ ᠪᠠᠨ ᠡᠨᠡᠭᠦ ᠠᠰᠠᠭᠤᠯᠳᠠ ᠳᠤ ᠭᠦᠭᠡᠷᠦᠭᠦᠢ ᠠᠪᠣ ᠨᠢ ᠨᠢᠭᠡᠮᠦᠰᠤᠨ ᠪᠣᠳᠤᠯ ᠤᠨ ᠬᠠᠷᠭᠤᠢ ᠳᠤ ᠮᠡᠨᠡᠭ᠍ᠷᠡᠴᠢᠭᠡᠯ᠎ᠡ᠃

ᠠᠢ᠂ ᠦᠨᠡᠨ ᠭᠦᠭᠡᠷᠦᠭᠦᠢ᠂ ᠮᠠᠨᠤᠰ ᠢ ᠪᠠᠭ᠎ᠠ ᠪᠠᠢ᠌ᠬᠤ ᠳᠤ ᠳᠡᠮᠡᠭᠡ ᠭᠡᠳᠡᠭ᠌ ᠴᠢᠨᠢ ᠰᠥᠷᠦᠭ᠌ ᠶᠢᠡᠷ ᠪᠠᠯᠴᠢᠳᠡᠭ᠌ ᠳᠠᠯ᠎ᠠ ᠨᠤᠳᠤᠭ ᠤᠨ ᠮᠢᠨᠢ ᠦᠵᠡᠮᠵᠢ ᠰᠠᠢ᠌ᠳᠠᠢ ᠮᠠᠯ ᠪᠠᠢ᠌ᠭᠰᠠᠨ ᠶᠤᠮ ᠳ᠋ᠠᠭ᠃ ᠣᠳᠤ ᠴᠢᠨᠢ ᠶᠠᠭᠤ ᠪᠣᠯᠴᠢᠬᠠᠪᠠ ⁈ ᠭᠦᠭᠡᠷᠦᠭᠦᠢ ᠭᠡᠦᠭᠡᠨ ᠮᠠᠨᠢ ᠳᠡᠮᠡᠭᠡ ᠶᠢ ᠴᠤ ᠳᠠᠨᠢᠬᠤ ᠦᠭᠡᠶ ᠰᠢᠭᠢᠷ ᠪᠣᠷᠠᠮ ᠭᠡᠵᠤ ᠪᠣᠳᠤᠭ᠎ᠠ ᠴᠤ ᠶᠤᠮ ᠦᠦ᠂ ᠮᠠᠩᠵᠠᠨ ᠳᠤᠭᠤᠭ᠎ᠠ ᠶᠢ ᠬᠠᠭᠠᠯᠬᠤ ᠦᠶᠡᠰ ᠳᠡᠮᠡᠭᠡ ᠳᠡᠭᠡᠵᠤ ᠠᠳᠠ ᠥᠵᠡᠭ᠍ᠳᠡᠭᠡ ᠦᠭᠡᠶ ᠪᠣᠯ ᠣᠳᠤ ᠮᠠᠨᠠᠢ᠌ᠭᠢᠨ ᠴᠤ ᠰᠥᠷᠦᠭ᠌ ᠳᠡᠮᠡᠭᠡ ᠬᠠᠷᠢᠭᠤᠯᠵᠤ ᠪᠠᠢ᠌ᠭ᠎ᠠ ᠪᠠᠢ᠌ᠬ᠎ᠠ᠃ ᠨᠠᠢ᠌ᠳᠠ ᠶᠢᠨ ᠠᠶᠠᠭ᠎ᠠ ᠶᠢ ᠬᠠᠭᠠᠯᠤᠨ᠎ᠠ ᠬᠠᠭᠠᠯᠤᠨ᠎ᠠ ᠭᠡᠭ᠍ᠰᠡᠭᠡᠷ ᠪᠠᠢ᠌ᠭᠠᠤᠨ ᠭᠦᠭᠡᠷᠦᠭᠦᠢ ᠦᠪᠡᠷ ᠤᠨ ᠶᠢᠡᠨ ᠭᠦᠯ ᠢ ᠴᠤᠭᠢᠭᠰᠠᠨ ᠪᠠᠢ᠌ᠨ᠎ᠠ ᠳ᠋ᠠ᠃ ᠣᠳᠤ ᠶᠢᠨ ᠳᠠᠯ᠎ᠠ ᠨᠤᠳᠤᠭ ᠨᠡᠭᠡᠷᠡᠨ ᠮᠤᠩᠭ᠋ᠤᠯ ᠠᠮᠢᠳᠤᠷᠠᠯ ᠤᠨ ᠦᠨᠦᠷ ᠠᠮᠳᠠ ᠠᠯᠠᠭ᠎ᠠ ᠪᠣᠯᠵᠤ ᠳ᠋ᠠ᠃

《ᠳᠡᠮᠡᠭᠡ ᠭᠡᠳᠡᠭ᠌ ᠴᠢᠨᠢ᠁》 ᠶᠠᠭᠤ ᠴᠤ ᠭᠡᠵᠤ ᠭᠡᠯᠡᠶ᠎ᠡ ᠳ᠋ᠠ᠃

《ᠠᠪᠣ ᠡ᠂ ᠠᠪᠣ ᠡ᠂ ᠬᠤᠷᠳᠤᠨ ᠭᠡᠯᠡ ᠳ᠋ᠠ᠂ ᠳᠠᠷᠠ ᠨᠢ ᠶᠠᠭᠤ ᠪᠣᠢ ︖ ᠨᠠᠭᠠᠳᠤᠮ ᠤᠨ ᠮᠠᠰᠢᠨ ᠳᠡᠷᠭᠡ ᠦᠦ ︖ ᠡᠰᠡᠭᠦᠯ᠎ᠡ ᠁》

ᠠᠢ᠂ ᠣᠳᠤ ᠶᠢᠨ ᠬᠡᠦᠬᠡᠳ ᠤᠳ ᠴᠤ ᠮᠠᠰᠢᠨ ᠳᠡᠷᠭᠡ ᠡᠴᠡ ᠣᠠᠳᠤᠤ ᠶᠠᠭᠤᠮ᠎ᠠ ᠳᠠᠨᠢᠬᠤ ᠦᠭᠡᠶ ᠪᠣᠯᠤᠭᠰᠠᠨ ᠶᠤᠮ ᠪᠠᠢ᠌ᠨ᠎ᠠ᠃ ᠳᠠᠪᠤᠨ ᠬᠤᠰᠢᠭᠤ ᠮᠠᠯ ᠮᠢᠨᠢ ᠶᠠᠷᠤᠨᠢ ᠮᠤᠩᠭ᠋ᠤᠯ ᠭᠦᠮᠤᠨ ᠢ ᠣᠮᠤᠭᠰᠢᠭᠤᠯᠤᠭᠰᠠᠭᠠᠷ ᠢᠷᠡᠭ᠍ᠰᠡᠨ ᠶᠤᠮ᠃ ᠳᠡᠭᠡᠷ᠎ᠡ ᠵᠠᠭᠤᠨ ᠳᠤ ᠭᠦᠷᠳᠡᠯ᠎ᠡ ᠳᠡᠮᠡᠭᠡ ᠮᠠᠨ ᠤ ᠮᠤᠩᠭ᠋ᠤᠯ ᠢ ᠠᠴᠢᠭᠠᠤᠨ ᠵᠢᠩ ᠳᠤ ᠶᠠᠪᠣᠳᠠᠭ ᠪᠠᠢ᠌ᠭᠰᠠᠨ ᠶᠤᠮ᠃ ᠡᠳᠥᠢᠭᠡᠨ ᠬᠤᠭᠤᠷᠤᠠᠳᠤ ᠳᠡᠮᠡᠭᠡ ᠶᠢ ᠳᠠᠨᠢᠬᠤ ᠦᠭᠡᠶ ᠪᠣᠯᠴᠢᠬᠠᠯ᠎ᠠ᠃ ᠰᠥᠷᠯᠢᠭ᠌ ᠰᠠᠢ᠌ᠬᠠᠨ ᠳᠡᠮᠡᠭᠡ ᠮᠢᠨᠢ ᠣᠳᠤ ᠭᠡᠨ ᠤ ᠴᠤ ᠨᠢᠳᠤᠨ ᠳᠤ ᠥᠵᠡᠭ᠍ᠳᠡᠭᠦ ᠦᠭᠡᠶ ᠮᠢᠬᠠᠨ ᠣᠪᠣᠭ᠎ᠠ ᠪᠣᠯᠵᠤ ᠳ᠋ᠠ᠃ ᠣᠳᠤ ᠭᠦᠮᠦᠰ ᠭᠡᠳᠤ ᠭᠡᠳᠤᠨ ᠲᠦᠮᠡᠨ ᠵᠤᠭᠤᠰ ᠶᠢᠡᠷ ᠥᠩᠭᠡ ᠪᠣᠳᠤᠭ ᠢᠯᠭᠠᠷᠠᠭᠰᠠᠨ ᠮᠠᠰᠢᠨ ᠳᠡᠷᠭᠡ ᠶᠢ ᠠᠪᠬᠤ ᠳᠤ ᠶᠠᠷᠤᠨᠢ ᠵᠤᠭᠤᠰ ᠶᠢᠡᠨ ᠬᠠᠢ᠌ᠷᠠᠯᠠᠳᠠᠭ ᠦᠭᠡᠶ ᠶᠤᠮ᠃ ᠭᠡᠭᠦ ᠳᠤ ᠳᠠᠷᠠ ᠵᠤᠭᠤᠰ ᠶᠢᠡᠷ ᠶᠢᠡᠨ ᠨᠢᠭᠡ ᠳᠡᠮᠡᠭᠡ ᠠᠪᠴᠢᠬ᠎ᠠ ᠭᠡᠭᠦᠯᠡᠷ ᠬᠠᠢ᠌ᠷᠠᠨ ᠵᠤᠭᠤᠰ᠂ ᠠᠪᠴᠢᠬᠠᠭᠠᠤᠨ ᠳᠠᠷᠠ ᠴᠢᠨᠢ ᠪᠠᠰᠠ ᠡᠪᠠᠰᠤ ᠪᠣᠷᠳᠤᠭᠠᠨ ᠤ ᠣᠢ᠌ᠯᠠ ᠭᠡᠨ᠎ᠡ᠃ ᠮᠠᠰᠢᠨ ᠳᠡᠷᠭᠡ ᠨᠢ ᠳᠡᠭᠡᠭᠡᠳ ᠶᠠᠭᠤ ᠴᠤ ᠭᠡᠷᠡᠭ᠍ᠰᠡᠭᠦ ᠦᠭᠡᠶ ᠪᠠᠷ ᠶᠠᠪᠣᠴᠢᠬᠠᠨ᠎ᠠ ᠭᠡᠵᠢ ᠦᠦ ︖ ᠳᠡᠭᠡᠳᠤ ᠳᠡᠭ᠍ᠷᠢ ᠳᠡᠷᠭᠡᠨ ᠳ᠋ᠤᠨᠢ ᠦᠨ᠎ᠡ ᠲᠦᠯᠦᠪᠣᠷᠢ ᠦᠭᠡᠶ ᠪᠠᠷ ᠳᠤᠰᠤ ᠶᠡᠭᠦᠯᠡᠵᠤ ᠪᠠᠢ᠌ᠨ᠎ᠠ ᠭᠡᠵᠢ ᠦᠦ᠂ ᠬᠠᠷ᠎ᠠ ᠳᠠᠮᠤᠷ ᠢ ᠠᠪᠬᠤ ᠵᠤᠭᠤᠰ ᠶᠢᠡᠷ ᠶᠢᠡᠨ ᠠᠮᠢᠳᠤ ᠴᠢᠰᠤᠨ ᠳᠡᠮᠡᠭᠡ ᠨᠢᠭᠡ ᠶᠢ ᠴᠤ ᠭᠡᠰᠡᠨ ᠠᠪᠴᠤ ᠪᠣᠯᠳᠠᠭ ᠦᠭᠡᠶ ᠨᠢ ᠶᠠᠭᠤ ᠪᠣᠢ᠃

《ᠠᠪᠣ ᠡ᠂ ᠶᠠᠭᠤ ᠪᠣᠳᠤᠴᠢᠬᠠᠪᠠ᠂ ᠳᠡᠮᠡᠭᠡ ᠦᠦ ︖ ᠨᠠᠳᠠ ᠨᠢᠭᠡ ᠳᠡᠮᠡᠭᠡ ᠠᠪᠣᠭᠠᠤᠨ ᠠᠯᠢ᠂ ᠪᠢ ᠨᠠᠭᠠᠳᠤᠶ᠎ᠠ ᠁》

《ᠣᠤ᠂ ᠮᠠᠭᠤ ᠭᠡᠦᠭᠡᠨ ᠮᠢᠨᠢ ᠳᠠᠨᠢᠭᠠᠳᠤᠢ ᠪᠠᠷ ᠠᠪᠬᠤ ᠶᠢ ᠭᠤᠷᠢᠯᠠᠴᠢᠬᠠᠵᠠᠢ᠃ ᠳᠡᠭᠡᠶ᠎ᠡ᠂ ᠠᠪᠣ ᠨᠢ ᠴᠢᠮᠠᠳᠤ ᠳᠡᠮᠡᠭᠡ ᠠᠪᠴᠤ ᠦᠭ‍ᠭᠦᠶ᠎ᠡ ︕》

ᠣᠳᠤ ᠴᠢᠨᠢ ᠠᠯᠠᠱᠠ ᠨᠤᠳᠤᠭ ᠡᠴᠡ ᠣᠠᠳᠤᠤ ᠳᠡᠮᠡᠭᠡ ᠲᠡᠶ ᠨᠤᠳᠤᠭ ᠬᠤᠪᠣᠷ ᠪᠣᠯᠴᠢᠬᠠᠵᠠᠢ᠃ ᠮᠠᠭᠤ ᠭᠡᠦᠭᠡᠨ ᠶᠢᠡᠨ ᠳᠠᠭᠠᠭᠤᠯᠤᠭᠠᠤᠨ ᠠᠯᠠᠱᠠ ᠨᠤᠳᠤᠭ ᠶᠢᠡᠷ ᠠᠢ᠌ᠯᠴᠢᠯᠠᠬᠤ ᠴᠤ ᠶᠤᠮ ᠦᠦ᠂ ᠠᠳᠠᠭ ᠨᠢ ᠮᠠᠨ ᠤ ᠨᠤᠳᠤᠭ ᠶᠢᠡᠷ ᠳᠡᠮᠡᠭᠡᠨ ᠤ ᠰᠡᠭᠦᠳᠡᠷ ᠴᠤ ᠣᠯᠳᠠᠬᠤ ᠦᠭᠡᠶ ᠰᠢᠤ᠂ ᠭᠡᠦᠭᠡᠨ ᠳᠡᠭᠡᠨ ᠨᠢᠭᠡ ᠳᠡᠮᠡᠭᠡ ᠳᠠᠨᠢᠭᠤᠯᠵᠤ ᠳᠡᠮᠡᠭᠡᠨ ᠤ ᠳᠡᠦᠭᠡ ᠶᠢ ᠮᠡᠳᠡᠭᠦᠯᠦᠶ᠎ᠡ ᠳ᠋ᠠ᠃ ᠳᠠᠷᠠ ᠴᠢᠨᠢ ᠰᠥᠷᠯᠢᠭ᠌ ᠦᠨᠳᠦᠷ ᠭᠦᠮᠤᠨ ᠮᠠᠳᠠᠯ ᠲᠡᠶ ᠠᠮᠢᠳᠠᠨ ᠰᠢᠤ ᠭᠦᠭᠡᠷᠦᠭᠦᠢ᠃ ᠴᠦᠯ ᠤᠨ ᠣᠩᠭ᠋ᠤᠴᠠ ᠯᠠ ᠭᠡᠵᠤ ᠳᠡᠯᠡᠭᠡᠢ ᠳᠠᠶᠠᠭᠠᠷ ᠲᠤ ᠮᠡᠳᠡᠷᠡᠭ᠍ᠳᠡᠭ᠍ᠰᠡᠨ ᠮᠠᠯᠴᠢᠨ ᠠᠷᠠᠤᠨ ᠤᠨ ᠮᠢᠨᠢ ᠳᠦᠰᠢᠭ᠌ ᠮᠠᠩᠬᠠᠨ ᠨᠤᠳᠤᠭ ᠤᠨ ᠮᠢᠨᠢ ᠭᠦᠯᠦᠭ᠌ ᠯᠠ ᠶᠤᠮ᠃ ᠣᠳᠤ ᠶᠢᠨ ᠬᠡᠦᠬᠡᠳ ᠤᠳ ᠲᠤ ᠪᠢ ᠵᠠᠪᠠᠯ ᠳᠡᠮᠡᠭᠡ ᠶᠢ ᠳᠠᠨᠢᠭᠤᠯᠤᠨ᠎ᠠ ᠳ᠋ᠠ᠃ ᠶᠠᠭᠠᠭᠢᠵᠤ ᠴᠤ ᠳᠠᠨᠢᠭᠤᠯᠳᠠᠭ ᠪᠢᠯᠠ ⁈ ᠳᠡᠮᠡᠭᠡ ᠨᠢᠭᠡ ᠶᠢ ᠠᠪᠴᠢᠷᠠᠭᠠᠤᠨ ᠭᠠᠳᠠᠨ᠎ᠠ ᠪᠠᠨ ᠣᠶᠠᠴᠢᠬᠠᠬᠤ ᠦᠦ᠂ ᠳᠡᠮᠡᠭᠡᠨ ᠰᠡᠭᠦᠳᠡᠷ ᠢ ᠨᠢ ᠠᠪᠴᠢᠷᠠᠭᠠᠤᠨ ᠡᠭᠦᠳᠡᠨ ᠳᠤ ᠪᠠᠨ ᠡᠯᠭᠦᠭᠡᠴᠢᠭᠡᠭᠦ ᠦᠦ᠂ ᠦᠪᠡᠷ ᠶᠢᠡᠨ ᠳᠡᠮᠡᠭᠡᠨ ᠪᠠᠭ ᠡᠮᠦᠰᠦᠭᠡᠳ ᠠᠢ᠌ᠯ ᠶᠢᠡᠷ ᠳᠤᠭᠤᠷᠢᠬᠤ ᠴᠤ ᠶᠤᠮ ᠦᠦ ⁈ ᠶᠠᠭᠤ ᠴᠤ ᠭᠡᠰᠡᠨ ᠳᠡᠮᠡᠭᠡ ᠪᠠᠨ ᠨᠤᠳᠤᠭ ᠲᠤ ᠪᠠᠨ ᠡᠭᠡᠭᠦᠯᠵᠤ ᠠᠪᠴᠢᠷᠠᠨ᠎ᠠ᠃ ᠨᠤᠳᠤᠭ ᠮᠢᠨᠢ ᠳᠡᠮᠡᠭᠡ ᠪᠠᠷ ᠯᠠ ᠳᠤᠳᠠᠨ᠎ᠠ᠂ ᠳᠡᠮᠡᠭᠡ ᠬᠠᠷᠢᠭᠠᠤᠨ ᠢᠷᠡᠴᠢᠭᠡᠪᠠᠯ ᠨᠤᠳᠤᠭ ᠤᠨ ᠮᠢᠨᠢ ᠳᠠᠪᠤᠨ ᠬᠤᠰᠢᠭᠤ ᠮᠠᠯ ᠡᠯᠢᠭᠡ ᠪᠦᠳᠤᠨ ᠪᠣᠯᠴᠢᠬᠠᠨ᠎ᠠ᠃ ᠭᠡᠦᠭᠡᠨ ᠮᠢᠨᠢ ᠴᠤ ᠳᠡᠮᠡᠭᠡ ᠶᠢ ᠳᠠᠨᠢᠴᠢᠬᠠᠨ᠎ᠠ᠂ ᠶᠤᠰᠤᠳᠠᠢ ᠨᠢᠭᠡ ᠪᠠᠷ ᠬᠤᠶᠠᠷ ᠢ ᠪᠦᠳᠦᠭᠡᠨ᠎ᠡ ᠳ᠋ᠠ᠃

ᠳᠡᠮᠡᠭᠡ ᠬᠠᠶᠠ ᠨᠢᠭᠡ ᠨᠠᠢ᠌ᠷ ᠤᠨ ᠳᠠᠯᠠᠪᠠᠢ ᠳᠤ ᠬᠠᠷᠠᠭᠳᠠᠪᠠᠴᠤ ᠳᠠᠷᠠ ᠴᠢᠨᠢ ᠠᠯᠠ ᠲᠡᠶ ᠪᠣᠯᠭᠠᠨ ᠶᠢᠡᠷ ᠵᠠᠢ᠌ᠳᠠᠯᠠᠭᠤᠯᠴᠢᠬᠠᠭᠰᠠᠨ ᠶᠤᠰᠤᠳᠠᠢ ᠨᠠᠭᠠᠳᠤᠮ ᠤᠨ ᠵᠣᠢ᠌ᠯ ᠤᠨ ᠨᠢᠭᠡ ᠨᠢ ᠪᠣᠯᠵᠤ ᠶᠠᠪᠣᠨ᠎ᠠ᠃ ᠮᠠᠨ ᠤ ᠮᠤᠩᠭ᠋ᠤᠯᠴᠤᠳ ᠮᠠᠨᠢ ᠳᠡᠮᠡᠭᠡ ᠪᠠᠨ ᠬᠤᠳᠠᠯᠳᠤᠴᠢᠬᠠᠭᠠᠤᠨ ᠳᠠᠭᠢᠭᠠᠤᠨ ᠮᠥᠩᠭᠦ ᠪᠠᠨ ᠳᠤᠭᠠᠯᠠᠨ ᠳᠡᠮᠡᠭᠡ ᠪᠠᠨ ᠣᠨᠤᠨ᠎ᠠ ᠭᠡᠳᠡᠭ᠌ ᠴᠢᠨᠢ ᠶᠠᠭᠤ ᠪᠣᠯᠵᠤ ᠪᠠᠢ᠌ᠨ᠎ᠠ ᠪᠣᠢ ᠡᠨᠡ ᠴᠢᠨᠢ ⁈ ᠭᠡᠷᠪᠡ ᠦᠪᠡᠷᠰᠠᠤᠨ ᠶᠢᠡᠨ ᠳᠡᠮᠡᠭᠡ ᠲᠡᠶ ᠪᠣᠯ ᠮᠥᠩᠭᠦ ᠪᠠᠨ ᠶᠠᠭᠤᠨ ᠳᠤ ᠳᠤᠭᠠᠴᠢᠨ᠎ᠠ᠂ ᠳᠡᠮᠡᠭᠡ ᠶᠠᠭᠤᠨ ᠳᠤ ᠠᠯᠠ ᠲᠡᠶ ᠪᠣᠯᠭᠠᠨ ᠤ ᠵᠠᠢ᠌ᠳᠠᠯᠠᠳᠠᠭ ᠨᠠᠭᠠᠳᠤᠮ ᠤᠨ ᠭᠢᠨᠢ ᠨᠢᠭᠡ ᠨᠢ ᠪᠣᠯᠵᠤ ᠶᠠᠪᠣᠨ᠎ᠠ ⁈

ᠠᠢ᠂ ᠴᠠᠭ ᠲᠦᠷᠦ ᠬᠤᠪᠢᠷᠠᠴᠢᠬᠠᠵᠠᠢ᠃ ᠳᠠᠪᠤᠨ ᠬᠤᠰᠢᠭᠤ ᠮᠠᠯ ᠮᠢᠨᠢ ᠨᠢᠭᠡ ᠨᠢᠭᠡ ᠪᠠᠷ ᠬᠤᠷᠤᠭᠳᠠᠵᠤ ᠯᠠ ᠪᠠᠢ᠌ᠨ᠎ᠠ᠂ ᠳᠡᠮᠡᠭᠡ ᠶᠠᠪᠣᠴᠢᠬᠠᠯ᠎ᠠ᠃ ᠣᠳᠤ ᠢᠮᠠᠭ᠎ᠠ ᠴᠤ ᠳᠡᠭᠡᠷᠡᠭᠢ ᠶᠢᠨ ᠨᠢᠳᠤᠨ ᠳᠤ ᠠᠳᠠ ᠨᠢ ᠥᠵᠡᠭ᠍ᠳᠡᠭ᠍ᠰᠡᠨ ᠴᠢᠦᠡᠭᠦᠷ ᠰᠢᠭ᠌ ᠪᠣᠯᠴᠢᠬᠠᠵᠠᠢ᠃ ᠮᠠᠨ ᠤ ᠮᠤᠩᠭ᠋ᠤᠯ ᠳᠤᠭᠤᠢ ᠳᠠᠭᠠᠨ ᠯᠠ ᠶᠤᠮ᠂ ᠢᠮᠠᠭ᠎ᠠ ᠨᠤᠳᠤᠭ ᠪᠠᠯᠴᠢᠭᠡᠷ ᠢ ᠡᠪᠳᠡᠴᠢᠭᠡᠪᠠᠤ ⁈ ᠪᠢᠰᠢ᠂ ᠳᠠᠷᠢᠶ᠎ᠠ ᠊᠊᠊᠊᠊᠊᠊᠊᠊᠊᠊᠊᠊᠊᠊ ᠳᠠᠷᠢᠶ᠎ᠠ ᠳᠠᠷᠢᠨ᠎ᠠ ᠭᠡᠳ ᠠᠳᠠᠷ ᠬᠠᠭᠠᠪᠣᠷᠢᠯᠠᠬᠤ ᠦᠭᠡᠶ ᠪᠣᠯ ᠥᠯᠦᠭᠡᠢ ᠨᠤᠳᠤᠭ ᠶᠠᠭᠤᠨ ᠳᠠᠭᠠᠨ ᠡᠯᠡᠰᠦᠷᠬᠡᠭ᠍ᠵᠢᠨ᠎ᠡ᠂ ᠰᠢᠭᠤᠷᠭ᠎ᠠ ᠶᠠᠭᠤᠨ ᠳᠠᠭᠠᠨ ᠪᠣᠰᠤᠨ᠎ᠠ ⁉

ᠪᠣᠳᠤᠯ ᠪᠣᠳᠤᠯ ᠳᠠᠮᠵᠢᠭᠰᠠᠭᠠᠷ ᠪᠣᠷᠬᠠᠨ ᠢ ᠭᠦᠷᠳᠡᠯ᠎ᠡ ᠢᠨᠢᠶᠡᠯᠭᠡᠭᠦ ᠪᠣᠯᠴᠢᠬᠠᠯ᠎ᠠ ︕ ᠭᠦᠭᠡᠷᠦᠭᠦᠢ ᠠᠪᠣ ᠶᠢᠨ ᠭᠢᠨᠢ ᠪᠣᠳᠤᠯ ᠨᠢᠭᠡᠮᠦᠰᠤᠨ ᠭᠦᠡᠳᠦᠷᠴᠢᠭᠡᠯ᠎ᠡ᠃ ᠭᠡᠦᠭᠡᠨ ᠨᠢ ᠬᠠᠵᠠᠭᠤ ᠳᠤ ᠨᠢ ᠬᠠᠷᠢᠭᠤᠯᠳᠠ ᠭᠦᠯᠢᠶᠡᠨ ᠮᠠᠯᠠᠷᠠᠨ ᠰᠢᠷᠳᠡᠭ᠍ᠰᠡᠭᠡᠷ ᠁

ᠣᠳᠤ ᠨᠡᠢ᠌ᠭᠡᠮ ᠳᠤ ᠳᠡᠮᠡᠭᠡ ᠮᠢᠨᠢ ᠭᠡᠷᠪᠡ ᠮᠠᠨ ᠤ ᠨᠤᠳᠤᠭ ᠲᠤ ᠪᠠᠢ᠌ᠭᠰᠠᠨ ᠪᠣᠯ ᠶᠤᠰᠤᠳᠠᠢ ᠭᠤᠶᠤ ᠳ᠋ᠠ ︕ ᠣᠳᠤ ᠶᠢᠨ ᠭᠦᠮᠦᠰ ᠤᠨ ᠭᠢᠵᠤ ᠪᠠᠢ᠌ᠭ᠎ᠠ ᠠᠳᠤᠭᠤᠨ ᠰᠤᠶᠤᠯ ᠤᠨ ᠨᠠᠢ᠌ᠷ ᠰᠢᠭ ᠳᠡᠮᠡᠭᠡᠨ ᠰᠤᠶᠤᠯ ᠤᠨ ᠨᠠᠢ᠌ᠷ ᠴᠤ ᠭᠢᠭᠦ ᠪᠠᠢ᠌ᠬ᠎ᠠ ⁈ ᠳᠡᠮᠡᠭᠡ ᠮᠢᠨᠢ ᠭᠦᠭᠡᠷᠦᠭᠦᠢ ᠭᠡᠨ ᠳ᠋ᠤᠨᠢ ᠠᠳᠠ ᠥᠵᠡᠭ᠍ᠳᠡᠭ᠍ᠰᠡᠨ ᠢ ᠪᠣᠤ ᠮᠠᠳᠠ᠃ ᠮᠤᠩᠭ᠋ᠤᠯ ᠨᠤᠳᠤᠭ ᠮᠢᠨᠢ ᠢᠩᠭᠢᠵᠤ ᠯᠠ ᠭᠡᠰᠡᠭ᠌ ᠭᠡᠰᠡᠭ᠌ ᠶᠢᠡᠷ ᠭᠡᠯᠳᠡᠷᠡᠭ᠍ᠰᠡᠭᠡᠷ ᠠᠳᠤᠭᠤᠰᠤ ᠡᠴᠡ ᠨᠢ ᠭᠦᠮᠤᠨ ᠳ᠋ᠤᠨᠢ ᠭᠦᠷᠳᠡᠯ᠎ᠡ ᠭᠢᠯᠢᠰ ᠶᠢᠡᠨ ᠳᠤᠭᠠᠴᠠᠬᠤ ᠭᠠᠵᠠᠷ ᠦᠭᠡᠶ ᠶᠠᠪᠣᠨ᠎ᠠ᠃ ᠭᠦᠮᠤᠨ ᠨᠢ ᠣᠬᠠᠭᠠᠨ ᠳᠤᠳᠠᠭᠤ ᠳᠠᠭᠠᠨ ᠶᠤᠮ ᠦᠦ᠂ ᠮᠤᠩᠭ᠋ᠤᠯ ᠨᠤᠳᠤᠭ ᠭᠡᠳᠤ ᠠᠭᠤᠵᠢᠮ ᠪᠣᠯᠴᠢᠬᠠᠭᠰᠠᠨ ᠴᠤ ᠶᠤᠮ ᠦᠦ ⁈ ᠪᠣᠤ ᠮᠠᠳᠠ ︕ ᠪᠣᠰᠤᠳ ᠲᠤ ᠦᠭ‍ᠭᠦᠨ᠎ᠡ᠂ ᠪᠣᠰᠤᠳ ᠢ ᠠᠪᠴᠢᠷᠠᠨ᠎ᠠ᠃ ᠢᠩᠭᠢᠵᠤ ᠯᠠ ᠴᠢᠬᠤᠯᠳᠠᠭᠰᠠᠭᠠᠷ ᠴᠢᠬᠤᠯᠳᠠᠭᠰᠠᠭᠠᠷ ᠪᠣᠰᠤᠳ ᠢ ᠳᠤᠯᠤᠭᠠᠢ ᠳᠡᠭᠡᠷ᠎ᠡ ᠪᠠᠨ ᠭᠢᠰᠭᠢᠭᠦᠯᠵᠤ᠂ ᠮᠠᠯ ᠶᠢᠡᠨ ᠮᠠᠯᠵᠢᠬᠤ ᠭᠠᠵᠠᠷ ᠦᠭᠡᠶ ᠮᠢᠬ᠎ᠠ ᠮᠢᠬ᠎ᠠ ᠪᠠᠨ ᠣᠷᠠᠯᠴᠠᠨ ᠬᠤᠨᠤᠭ ᠨᠥᠭ᠍ᠴᠢᠭᠡᠭᠦ ᠪᠣᠯᠵᠠᠢ᠃

ᠳᠡᠮᠡᠭᠡ ᠴᠤ ᠭᠦᠷᠦᠩᠭᠡ ᠰᠢᠤ᠂ ᠶᠤᠰᠤᠳᠠᠢ ᠳᠤᠮᠤ ᠭᠦᠷᠦᠩᠭᠡ᠃ ᠳᠡᠮᠡᠭᠡ ᠲᠡᠶ ᠭᠦᠮᠤᠨ ᠢᠨᠢᠶᠠᠵᠤ ᠯᠠ ᠶᠠᠪᠣᠬᠤ ᠶᠤᠰᠤᠳᠠᠢ᠃ ᠴᠢ ᠭᠡᠷᠪᠡ ᠵᠤᠪᠠᠭᠰᠠᠨ ᠦᠶ᠎ᠡ ᠳᠤ ᠳᠡᠮᠡᠭᠡ ᠲᠡᠶ ᠵᠤᠭᠤᠭ ᠳᠡᠯᠭᠡᠭ᠍ᠰᠡᠨ ᠴᠤ ᠪᠣᠯᠤᠨ᠎ᠠ᠃ ᠳᠡᠮᠡᠭᠡ ᠣᠳᠤ ᠬᠠᠮᠢᠭ᠎ᠠ ᠪᠠᠢ᠌ᠨ᠎ᠠ ⁈ ᠳᠡᠮᠡᠭᠡ ᠪᠠᠢ᠌ᠳᠤᠭᠠᠢ ᠮᠤᠷᠢ ᠴᠤ ᠦᠭᠡᠶ ᠪᠣᠯᠵᠠᠢ᠃ ᠬᠠᠷᠢᠨ ᠭᠤᠶᠤ ᠰᠠᠢ᠌ᠬᠠᠨ ᠮᠤᠲ᠋ᠤᠷ ᠤᠳ ᠵᠡᠷᠭᠡᠴᠡᠭᠦᠯᠤᠨ ᠪᠠᠢ᠌ᠨ᠎ᠠ᠃ ᠳᠠᠪᠤᠨ ᠬᠤᠰᠢᠭᠤ ᠮᠠᠯ ᠊᠊᠊᠊᠊᠊᠊᠊᠊᠊᠊᠊᠊᠊᠊ ᠳᠡᠮᠡᠭᠡ ᠪᠠᠢ᠌ᠨ᠎ᠠ᠃ ᠮᠤᠩᠭ᠋ᠤᠯ ᠠᠮᠢᠳᠤᠷᠠᠯ ᠊᠊᠊᠊᠊᠊᠊᠊᠊᠊᠊᠊᠊᠊᠊ ᠳᠡᠮᠡᠭᠡᠨ ᠳᠡᠭᠡᠷ᠎ᠡ ᠪᠠᠢ᠌ᠨ᠎ᠠ᠃ ᠳᠡᠮᠡᠭᠡ ᠳᠡᠭᠦᠨ ᠢ ᠡᠭᠦᠷᠴᠤ ᠶᠠᠪᠣᠨ᠎ᠠ᠂ ᠳᠡᠮᠡᠭᠡ ᠳᠡᠭᠦᠨ ᠳᠤ ᠪᠠᠶᠠᠰᠤᠯ ᠠᠪᠴᠢᠷᠠᠨ᠎ᠠ᠃ ᠳᠡᠮᠡᠭᠡ ᠲᠡᠶ ᠠᠢ᠌ᠯ ᠪᠠᠶᠠᠨ᠂ ᠳᠡᠮᠡᠭᠡ ᠲᠡᠶ ᠨᠤᠳᠤᠭ ᠵᠢᠷᠭᠠᠯ ᠲᠡᠶ᠃ ᠬᠠᠰᠢᠯᠠ ᠳᠡᠮᠡᠭᠡ ᠳ᠋ᠠ᠂ ᠳᠡᠮᠡᠭᠡ ᠦᠭᠡᠶ ᠨᠤᠳᠤᠭ ᠦᠨᠡᠨ ᠬᠤᠭᠤᠰᠤᠨ ᠪᠠᠢ᠌ᠨ᠎ᠠ ᠁

《ᠠᠪᠣ ᠡ ︕》 ᠪᠢᠴᠢᠬᠠᠨ ᠭᠡᠦᠭᠡᠨ ᠤ ᠭᠡᠨᠡᠳᠲᠡ ᠶᠢᠨ ᠳᠠᠭᠤᠳᠠᠯ ᠳᠤ ᠭᠦᠭᠡᠷᠦᠭᠦᠢ ᠠᠪᠣ ᠨᠢ ᠨᠢᠯᠪᠣᠰᠤ ᠪᠠᠨ ᠵᠥᠯᠭᠦᠴᠢᠭᠡᠭ᠍ᠰᠡᠨ ᠁

《ᠠᠢ᠂ ᠡᠨ ᠁》

《ᠠᠪᠣ ᠡ᠂ ᠳᠠ ᠶᠠᠭᠤᠨ ᠳᠤ ᠣᠭᠢᠯᠠᠴᠢᠬᠠᠪᠠ ︖》

《 ᠦᠭᠡᠶ᠂ ᠠᠪᠣ ᠨᠢ ᠣᠭᠢᠯᠠᠭ᠎ᠠ ᠦᠭᠡᠶ᠂ ᠭᠡᠦᠭᠡᠨ ᠳᠡᠭᠡᠨ ᠳᠡᠮᠡᠭᠡ ᠠᠪᠴᠤ ᠦᠭ‍ᠭᠦᠨ᠎ᠡ ᠭᠡᠳ ᠪᠠᠶᠠᠷᠯᠠᠵᠤ ᠪᠠᠢ᠌ᠨ᠎ᠠ᠃》

《ᠦᠨᠡᠨ ᠳᠡᠮᠡᠭᠡ ᠠᠪᠴᠤ ᠦᠭ‍ᠭᠦᠨ᠎ᠡ ᠦᠦ ︖》

《ᠳᠠᠢ᠌ᠮᠤ ᠡ᠂ ᠭᠡᠦᠭᠡᠨ ᠳᠡᠭᠡᠨ ᠳᠠᠪᠤᠨ ᠬᠤᠰᠢᠭᠤ ᠮᠠᠯ ᠢ ᠳᠠᠨᠢᠭᠤᠯᠤᠨ᠎ᠠ᠂ ᠳᠡᠮᠡᠭᠡ ᠭᠡᠳᠡᠭ᠌ ᠴᠢᠨᠢ ᠨᠠᠭᠠᠳᠤᠮ ᠤᠨ ᠮᠠᠰᠢᠨ ᠪᠢᠰᠢ᠂ ᠳᠠᠪᠤᠨ ᠬᠤᠰᠢᠭᠤ ᠮᠠᠯ ᠤᠨ ᠴᠢᠨᠢ ᠨᠢᠭᠡ ᠰᠢᠤ ︕》

《ᠣᠤ᠂ ᠪᠠᠭᠰᠢ ᠮᠠᠨ ᠳᠤ ᠳᠠᠪᠤᠨ ᠬᠤᠰᠢᠭᠤ ᠮᠠᠯ ᠭᠡᠵᠤ ᠶᠠᠷᠢᠵᠤ ᠵᠢᠷᠤᠵᠤ ᠪᠠᠢ᠌ᠭᠰᠠᠨ ᠶᠤᠮ᠃ ᠳᠡᠭᠡᠪᠠᠯ ᠳᠡᠮᠡᠭᠡ ᠨᠢ ᠠᠯᠢ ᠨᠢ ᠪᠣᠢ ᠠᠪᠣ ᠡ ︖》

《ᠳᠤᠮᠤ ᠨᠢ ᠁》

《ᠪᠢ ᠮᠡᠳᠡᠭ᠍ᠰᠡᠨ᠂ ᠠᠪᠣ ᠡ᠂ ᠬᠠᠮᠤᠭ ᠤᠨ ᠳᠤᠮᠤ ᠨᠢ ᠨᠢᠷᠤᠭᠤᠨ ᠳᠠᠭᠠᠨ ᠬᠤᠶᠠᠷ ᠳᠤᠮᠤ ᠠᠭᠤᠯᠠ ᠡᠭᠦᠷᠦᠭ᠍ᠰᠡᠨ ᠨᠢ᠂ ᠳᠠᠢ᠌ᠮᠤ ᠦᠦ ︖》

《ᠶᠠᠭ ᠮᠦᠨ ᠳ᠋ᠠ᠂ ᠳᠠᠷᠠ ᠴᠢᠨᠢ ᠳᠡᠮᠡᠭᠡ ᠭᠡᠳᠡᠭ᠌᠂ ᠮᠠᠨ ᠤ ᠮᠤᠩᠭ᠋ᠤᠯ ᠤᠨ ᠳᠠᠪᠤᠨ ᠬᠤᠰᠢᠭᠤ ᠮᠠᠯ ᠤᠨ ᠨᠢᠭᠡ ᠳ᠋ᠠ ︕》

《ᠪᠢ ᠮᠡᠳᠡᠭ᠍ᠰᠡᠨ᠂ ᠳᠡᠮᠡᠭᠡ ᠭᠡᠳᠡᠭ᠌ ᠴᠢᠨᠢ ᠳᠠᠪᠤᠨ ᠬᠤᠰᠢᠭᠤ ᠮᠠᠯ ᠤᠨ ᠨᠢᠭᠡ᠂ ᠡᠭᠦᠷᠢᠳᠡ ᠮᠠᠨᠠᠢ᠌ᠭᠢ ︕》


2010-01-14

ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ ᠬᠤᠰᠢᠭᠤᠨ ᠤ ᠰᠠᠢ᠌ᠬᠠᠠᠳᠠᠯ᠎ᠠ ᠰᠤᠮᠤ ᠶᠢᠨ ᠪᠠᠶᠠᠠᠠᠭᠤᠯᠠ ᠭᠠᠴᠠᠭ᠎ᠠ

ᠵᠤᠬᠢᠶᠠᠭᠴᠢ᠄ ᠪ·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6179
ᠴᠠᠭ᠄ 2010 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ