☆ ᠰ·ᠮᠥᠩᠭᠡᠨᠡᠷᠡᠰᠤ
ᠰᠤᠷᠤᠭᠴᠢᠳ ᠲᠤ ᠪᠠᠨ ᠭᠡᠯᠡᠭᠦ ᠥᠭᠡ
2009 ᠣᠨ ᠳᠤ ᠳᠡᠭᠦᠰᠦᠭ᠍ᠰᠡᠨ ᠰᠤᠷᠤᠭᠴᠢᠳ ᠲᠤ ᠪᠠᠨ ᠵᠤᠷᠢᠭᠤᠯᠪᠠ᠃
ᠵᠠᠭᠢᠷᠤᠭᠰᠠᠨ ᠠᠶᠠᠯᠭᠤ ᠪᠠᠨ ᠳᠠᠪᠴᠢ
ᠵᠠᠩᠭᠢᠳᠤᠭᠰᠠᠨ ᠦᠰᠢᠶ᠎ᠡ ᠪᠠᠨ ᠮᠠᠷᠳᠠ
《ᠵᠠ》 ᠭᠡᠳᠡᠭ᠌ ᠥᠭᠡ ᠶᠢ ᠭᠡᠨ ᠳᠤ ᠴᠤ ᠭᠡᠯᠡᠵᠤ ᠰᠤᠷ
ᠵᠠᠪᠠᠯ ᠭᠡᠳᠡᠭ᠌ ᠵᠤᠷᠢᠭ ᠢ ᠭᠡᠵᠢᠶ᠎ᠡ ᠴᠤ ᠪᠠᠷᠢᠵᠤ ᠶᠠᠪᠣ︕
ᠵᠢᠷᠭᠠᠵᠤ ᠪᠠᠢ᠌ᠬᠤ ᠳᠤ ᠪᠠᠨ ᠵᠤᠪᠠᠵᠤ ᠶᠠᠪᠣᠭᠰᠠᠨ ᠶᠢᠡᠨ ᠪᠣᠤ ᠮᠠᠷᠳᠠ
ᠵᠷᠭᠠᠯ ᠵᠤᠪᠠᠯ ᠢ ᠬᠠᠨᠢ ᠲᠡᠶ ᠪᠠᠨ ᠳᠡᠭ᠍ᠰᠢ ᠪᠠᠷ ᠬᠤᠪᠢᠶᠠᠯᠴᠠ
ᠦᠪᠡᠷ ᠲᠤ ᠴᠢᠨᠢ ᠪᠠᠢ᠌ᠭ᠎ᠠ ᠪᠦᠭᠦᠨ ᠶᠢᠡᠨ ᠠᠮᠢᠠᠴᠢᠷᠬᠠᠨ ᠳᠡᠭᠡᠳᠦᠯᠡᠵᠤ ᠶᠠᠪᠣ
ᠦᠨᠦᠳᠤᠷ ᠤᠨ ᠦᠴᠦᠭᠡᠨ ᠮᠦᠴᠡ ᠶᠢ ᠴᠤ ᠰᠢᠵᠢᠷ ᠠᠯᠳᠠ ᠪᠠᠷ ᠨᠠᠠᠳᠢᠩᠨᠠ︕
ᠭᠠᠯᠠᠭᠤᠳ ᠤᠨ ᠭᠠᠩᠭ᠋ᠠᠨᠠᠭ᠎ᠠ ᠪᠠᠷ ᠡᠵᠢ ᠶᠢᠨ ᠶᠢᠡᠨ ᠪᠦᠪᠠᠢ ᠶᠢ ᠣᠶᠠᠷᠠᠩᠬᠠᠨ ᠮᠦᠷᠦᠭᠡᠳ
ᠭᠠᠭᠴᠠᠭᠠᠷᠳᠠᠯ ᠤᠨ ᠰᠠᠯᠭᠢ ᠶᠢ ᠠᠪᠣ ᠶᠢᠡᠨ ᠶᠢᠨ ᠦᠷᠦᠭᠡᠨ ᠳᠤ ᠭᠡᠵᠢᠶ᠎ᠡ ᠴᠤ ᠪᠣᠤ ᠣᠷᠤᠭᠤᠯ
ᠦᠰᠢᠯ ᠭᠢᠰᠠᠯ ᠢ ᠭᠡᠵᠢᠶ᠎ᠡ ᠴᠤ ᠪᠣᠤ ᠦᠶ᠎ᠡ ᠶᠢᠨ ᠨᠠᠢ᠌ᠵᠠ ᠳᠤ ᠪᠠᠨ ᠵᠤᠷᠢᠭᠤᠯ
ᠦᠨᠡᠨ ᠥᠭᠡ ᠶᠢ ᠬᠠᠢ᠌ᠷᠠᠳᠠᠢ ᠭᠦᠮᠤᠨ ᠡᠴᠡ ᠪᠠᠨ ᠭᠡᠵᠢᠶ᠎ᠡ ᠴᠤ ᠪᠣᠤ ᠨᠢᠭᠤ︕
ᠬᠠᠳᠠᠭᠤᠬᠠᠨ ᠭᠡᠯᠡᠭ᠍ᠰᠡᠨ ᠥᠭᠡ ᠶᠢ ᠮᠢᠨᠢ ᠬᠠᠷᠠᠳᠠᠵᠤ ᠪᠣᠤ ᠪᠣᠳᠤ
ᠬᠠᠢ᠌ᠷᠠᠯᠠᠵᠤ ᠶᠠᠪᠣᠭᠰᠠᠨ ᠰᠡᠳᠭᠢᠯ ᠢ ᠮᠢᠨᠢ ᠳᠤᠷᠠᠰᠬᠤ ᠶᠢᠨ ᠳᠡᠷᠢᠭᠦᠨ ᠳᠤ ᠰᠠᠨᠠ
《ᠡᠨ》 ᠡᠴᠡ ᠡᠭᠢᠯᠡᠵᠤ ᠵᠢᠭᠠᠭᠰᠠᠨ ᠠᠴᠢ ᠶᠢ ᠮᠢᠨᠢ ᠮᠠᠷᠳᠠᠯ᠎ᠠ ᠴᠤ
ᠠᠶᠠᠷᠯᠠᠬᠤ ᠶᠢᠨ ᠡᠷᠡᠨ ᠳᠤ ᠣᠨᠠᠭᠠᠭᠰᠠᠨ ᠨᠢᠯᠪᠣᠰᠤ ᠶᠢ ᠮᠢᠨᠢ ᠪᠣᠤ ᠣᠮᠠᠷᠳᠠ︕
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ