☆ ᠪᠠ᠊·ᠢᠯᠠᠯᠳᠠ
ᠨᠡᠭᠦᠳᠡᠯ
ᠭᠠᠯ ᠳᠡᠷᠭᠡᠨ ᠤ ᠳᠡᠭᠡᠳᠦᠰ ᠨᠢ
ᠭᠠᠭᠴᠠ ᠵᠠᠮ ᠪᠠᠷ ᠴᠤᠪᠣᠷᠠᠵᠤ
ᠭᠠᠯᠪᠠ ᠶᠢ ᠳᠤᠭᠤᠷᠢᠨ ᠨᠡᠭᠦᠳᠡᠯᠯᠡᠭ᠍ᠰᠡᠨ ᠴᠤ
ᠭᠠᠵᠠᠷ ᠶᠢᠠᠨ ᠶᠠᠷᠤᠨᠢ ᠡᠪᠳᠡᠳᠡᠭ᠌ ᠦᠭᠡᠶ ᠶᠤᠮ
ᠠᠰᠠᠷ ᠳᠠᠭᠳᠤ ᠰᠢᠭ ᠳᠠᠠᠳᠠ ᠪᠠᠨ ᠰᠥᠭᠯᠥᠢᠨ
ᠠᠯᠢᠪᠠ ᠪᠣᠵᠠᠷ ᠢ ᠭᠦᠯ ᠳᠤᠤᠷ᠎ᠠ ᠪᠠᠨ ᠴᠤᠭᠯᠠᠭᠤᠯᠵᠤ
ᠠᠯᠬᠤᠵᠤ ᠴᠢᠳᠠᠯ ᠦᠭᠡᠶ ᠵᠤᠭᠰᠤᠳᠠᠭ ᠪᠢᠰᠢ
ᠠᠯᠳᠠᠨ ᠳᠡᠯᠡᠭᠡᠢ ᠶᠢ ᠳᠤᠭᠤᠷᠢᠵᠤ ᠡᠷᠭᠢᠭ᠍ᠰᠡᠨ
ᠠᠭᠤᠤ ᠶᠡᠭᠡ ᠡᠷᠭᠡ ᠴᠢᠯᠦᠭᠡ ᠳᠠᠢ
ᠠᠷᠢᠶᠠᠳᠠᠨ ᠠᠮᠢᠳᠠᠨ ᠲᠡᠶ ᠴᠤ ᠬᠠᠮᠳᠤ ᠣᠷᠤᠰᠢᠬᠤ
ᠠᠷᠠᠤᠨ ᠲᠦᠮᠡᠨ ᠤ ᠮᠢᠨᠢ ᠨᠡᠭᠦᠳᠡᠯ ᠠᠮᠢᠳᠤᠷᠠᠯ
ᠡᠩᠭᠡ ᠳᠠᠢ᠌ᠪᠣᠩ ᠢ ᠭᠡᠵᠢᠶᠡᠨᠡᠢ ᠡᠷᠢᠯᠭᠢᠯᠡᠭ᠍ᠰᠡᠨ
ᠡᠷᠭᠡ ᠴᠢᠯᠦᠭᠡᠨ ᠤ ᠠᠶᠠᠯᠠᠯ ᠪᠠᠢ᠌ᠭᠰᠠᠨ
ᠡᠭᠡ ᠳᠡᠯᠡᠭᠡᠢ ᠶᠢᠨ ᠡᠪᠦᠷ ᠳᠡᠭᠡᠷ᠎ᠡ
ᠡᠶᠡᠪᠠᠷ ᠣᠷᠤᠰᠢᠬᠤ ᠳᠤᠩᠬᠠᠭ ᠪᠠᠢ᠌ᠭᠰᠠᠨ ᠁
ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2008 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ