☆ ᠡᠷᠳᠡᠨᠢᠪᠠᠭᠠᠨ᠎ᠠ
ᠨᠤᠭᠤᠭᠠᠨ ᠨᠠᠪᠴᠢ
ᠨᠠᠷᠠᠯᠠᠭ ᠬᠤᠷᠸ᠎ᠠ ᠳᠤ ᠨᠠᠭᠢᠶᠠᠯᠠᠬᠤ ᠳᠤ ᠪᠠᠨ
ᠭᠠᠵᠠᠷ ᠰᠢᠷᠤᠢ ᠶᠢᠨ ᠡᠩᠭᠡᠷ ᠲᠤ ᠪᠠᠢ᠌ᠯ᠎ᠠ
ᠨᠠᠭᠠᠰᠢ ᠨᠢ ᠪᠣᠯᠵᠤ ᠰᠡᠷᠪᠠᠯᠵᠡᠭᠦ ᠳᠤ ᠪᠠᠨ
ᠭᠠᠩᠬᠤᠬᠤ ᠰᠠᠯᠭᠢᠨ ᠤ ᠵᠢᠭᠦᠷ ᠲᠤ ᠪᠠᠢ᠌ᠯ᠎ᠠ
ᠭᠦᠷᠦᠰᠦᠳᠤ ᠳᠡᠯᠡᠭᠡᠢ ᠳᠤ ᠰᠥᠶᠦᠭᠡᠯᠡᠭᠦ ᠳᠤ ᠪᠠᠨ
ᠬᠠᠪᠣᠷ ᠤᠨ ᠰᠠᠯᠭᠢᠨ ᠤ ᠦᠨᠦᠰᠤᠯ ᠳᠤ ᠪᠠᠢ᠌ᠯ᠎ᠠ
ᠭᠦᠭᠡ ᠨᠤᠭᠤᠭ᠎ᠠ ᠪᠠᠷ ᠰᠠᠯᠪᠣᠷᠢᠯᠠᠬᠤ ᠳᠤ ᠪᠠᠨ
ᠬᠤᠷ᠎ᠠ ᠶᠢᠨ ᠨᠠᠮᠢᠷᠠᠭᠠᠨ ᠤ ᠰᠢᠪᠠᠷᠠᠯ ᠳᠤ ᠪᠠᠢ᠌ᠯ᠎ᠠ
ᠠᠯᠳᠠᠨ ᠨᠠᠮᠤᠷ ᠵᠤᠯᠭᠠᠷᠠᠬᠤ ᠳᠤ ᠪᠠᠨ
ᠬᠤᠩᠭ᠋ᠤᠷ ᠰᠠᠯᠭᠢᠨ ᠤ ᠣᠶᠠᠷᠠᠯ ᠳᠤ ᠪᠠᠢ᠌ᠯ᠎ᠠ
ᠠᠶᠠᠰ ᠤᠨ ᠰᠠᠯᠭᠢᠨ ᠳᠤ ᠭᠡᠢ᠌ᠰᠭᠦ ᠳᠤ ᠪᠠᠨ
ᠬᠤᠪᠠᠨ ᠰᠠᠷᠠᠨ ᠤ ᠭᠡᠮᠦᠷᠭᠡᠯ ᠳᠤ ᠪᠠᠢ᠌ᠯ᠎ᠠ
ᠪᠠᠷᠠᠭᠠᠨ ᠰᠦᠨᠢ ᠦᠨᠳᠦᠰᠦᠨ ᠳᠤ ᠪᠠᠨ
ᠣᠯᠠᠭᠠᠨ ᠨᠠᠷᠠ ᠪᠠᠨ ᠡᠷᠢᠭ᠍ᠰᠡᠨ ᠭᠦᠭ᠍ᠵᠢᠮ ᠳᠠᠢ
ᠪᠠᠬᠠᠷᠤᠮ᠎ᠠ ᠨᠠᠷᠠᠨ ᠳᠤ ᠭᠡᠷᠡᠯ ᠠᠰᠬᠠᠨ
ᠰᠠᠷᠠᠨ ᠶᠢᠡᠨ ᠰᠠᠨᠠᠭᠰᠠᠨ ᠪᠦᠵᠢᠭ᠌ ᠲᠡᠶ᠁
ᠨᠤᠭᠤᠭᠠᠨ ᠨᠠᠪᠴᠢ ᠳᠤ ᠭᠦᠨ ᠣᠬᠠᠭᠠᠨ ᠪᠠᠢ᠌ᠯ᠎ᠠ
ᠨᠠᠷᠠᠨ ᠤ ᠰᠢᠷᠭᠠᠯ ᠲᠡᠶ ᠰᠠᠢ᠌ᠬᠠᠨ ᠣᠬᠠᠭᠠᠨ ᠪᠠᠢ᠌ᠯ᠎ᠠ
ᠨᠤᠮᠢᠨ ᠨᠠᠪᠴᠢ ᠳᠤ ᠮᠥᠩᠭᠡ ᠶᠢᠨ ᠵᠦᠢ ᠪᠠᠢ᠌ᠯ᠎ᠠ
ᠰᠠᠷᠠᠨ ᠤ ᠳᠡᠷᠭᠡᠯ ᠲᠡᠶ ᠭᠤᠸ᠎ᠠ ᠰᠢᠯᠦᠭ᠌ ᠪᠠᠢ᠌ᠯ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2656
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ