ᠨᠡᠪᠲᠡᠷᠡᠨ ᠤᠷᠤᠬᠤ
ᠴᠢᠮ᠎ᠠ ᠪᠠᠨ ᠭᠦᠯᠢᠶᠡᠨ᠎ᠡ ᠳ᠋ᠠ ᠪᠢ

ᠬᠤᠯᠠ ᠶᠢᠨ ᠬᠤᠯᠠ ᠵᠢᠨ ᠭᠠᠯᠠᠭᠤᠳ ᠤᠨ ᠭᠠᠩᠭ᠋ᠠᠨᠠᠭ᠎ᠠ ᠶᠢ ᠴᠢᠩᠨᠠᠭᠠᠤᠨ

ᠬᠤᠨᠤᠭ ᠤᠨ ᠪᠣᠳᠤᠯ ᠳᠤ ᠪᠠᠨ ᠴᠢᠮ᠎ᠠ ᠪᠠᠨ ᠭᠦᠯᠢᠶᠡᠨ᠎ᠡ ᠳ᠋ᠠ ᠪᠢ

ᠭᠦᠰᠡᠯ ᠤᠨ ᠭᠦᠰᠡᠯ ᠤᠨ ᠴᠡᠴᠡᠭ᠍ᠳᠤ ᠵᠡᠭᠦᠳᠤ ᠪᠠᠨ ᠳᠡᠷᠭᠡᠯᠰᠢᠯᠡᠭᠦᠯᠤᠨ

ᠭᠡᠦᠭᠡᠨ ᠰᠡᠳᠭᠢᠯ ᠶᠢᠡᠷ ᠴᠢᠮ᠎ᠠ ᠪᠠᠨ ᠭᠦᠯᠢᠶᠡᠨ᠎ᠡ ᠳ᠋ᠠ ᠪᠢ


ᠠᠶᠠᠨ ᠤ ᠰᠢᠪᠠᠭᠤᠳ ᠢ ᠣᠭᠳᠤᠨ ᠦᠳᠡᠨ ᠥᠳᠡᠭᠡᠳ

ᠠᠯᠠᠭ ᠨᠢᠳᠤ ᠪᠠᠨ ᠴᠢᠯᠡᠭᠡᠵᠤ ᠭᠦᠯᠢᠶᠡᠨ᠎ᠡ ᠳ᠋ᠠ ᠪᠢ

ᠳᠤᠷᠠᠯᠠᠯ ᠳᠤ ᠬᠠᠷᠠᠮ ᠦᠭᠡᠶ ᠬᠠᠢ᠌ᠷ᠎ᠠ ᠶᠢᠨ ᠣᠷᠴᠢᠯᠠᠩ ᠳ᠋ᠤ

ᠳᠤᠳᠠᠵᠤ ᠶᠠᠪᠣᠭᠰᠠᠨ ᠰᠡᠳᠭᠢᠯ ᠮᠢᠨᠢ ᠴᠢᠮ᠎ᠠ ᠪᠠᠨ ᠭᠦᠯᠢᠶᠡᠨ᠎ᠡ ᠳ᠋ᠠ ᠪᠢ


ᠨᠤᠭᠤᠰᠤᠨ ᠱᠤᠩᠪᠠᠭ᠎ᠠ ᠲᠡᠶ ᠴᠡᠴᠡᠭ᠍ᠳᠤ ᠳᠠᠪᠠᠯᠭᠠᠨ ᠢ ᠮᠡᠯᠡᠷᠡᠩᠭᠡᠨ ᠰᠢᠷᠳᠡᠭᠡᠳ

ᠨᠠᠮ᠎ᠠ ᠪᠠᠨ ᠭᠡᠰᠡᠨ ᠠᠮᠠᠷᠠᠭ ᠨᠢᠳᠤ ᠶᠢ ᠴᠢᠨᠢ ᠳᠤᠷᠠᠰᠤᠨ ᠳᠤᠷᠠᠰᠤᠭᠠᠤᠨ

ᠨᠢᠮᠭᠡᠨ ᠶᠠᠭᠠᠨ ᠳᠤᠭᠤᠷ ᠤᠨ ᠣᠷᠤᠭᠤᠯ ᠢ ᠴᠢᠨᠢ ᠰᠠᠨᠠᠨ ᠰᠠᠨᠠᠨ ᠳᠤᠭᠳᠤᠯᠤᠭᠠᠤᠨ

ᠨᠠᠰᠤᠨ ᠤ ᠠᠮᠠᠷᠠᠭ ᠴᠢᠮ᠎ᠠ ᠪᠠᠨ ᠴᠤᠯᠮᠤᠨ ᠠᠰᠠᠳᠠᠯ᠎ᠠ ᠭᠦᠯᠢᠶᠡᠨ᠎ᠡ ᠳ᠋ᠠ ᠪᠢ


ᠨᠢᠳᠤ ᠦᠭᠡᠶ ᠣᠷᠴᠢᠯᠠᠩ ᠤᠨ ᠭᠦᠢᠳᠡᠨ ᠰᠠᠯᠭᠢ ᠡᠴᠠ ᠬᠠᠷᠠᠮᠨᠠᠨ ᠬᠠᠷᠠᠮᠨᠠᠨ

ᠨᠠᠷᠠᠰᠤᠳᠤ ᠬᠠᠢ᠌ᠷᠬᠠᠨ ᠤ ᠴᠠᠰᠤᠳᠤ ᠰᠢᠭᠤᠷᠭ᠎ᠠ ᠡᠴᠠ ᠥᠮᠴᠢᠷᠭᠡᠨ ᠥᠮᠴᠢᠷᠭᠡᠨ

ᠭᠤᠸ᠎ᠠ ᠥᠵᠡᠰᠭᠦᠯᠡᠩ ᠪᠠᠭᠠᠳᠤᠷ ᠯᠥᠸᠧ ᠴᠸᠩ ᠲᠡᠶ ᠥᠯᠢᠳᠭᠡᠨ ᠥᠯᠢᠳᠭᠡᠨ

ᠭᠤᠷᠪᠠᠨ ᠨᠤᠬᠠᠢ ᠶᠢᠨ ᠠᠨᠢᠪᠴᠢᠭ᠎ᠠ ᠳᠠᠰᠤᠷᠠᠨ ᠳᠠᠰᠤᠷᠠᠳᠠᠯ᠎ᠠ ᠭᠦᠯᠢᠶᠡᠨ᠎ᠡ ᠳ᠋ᠠ ᠴᠢᠮ᠎ᠠ ᠪᠠᠨ ᠪᠢ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠬᠠᠩᠭ᠋ᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2654
ᠴᠠᠭ᠄ 2012 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ