ᠨᠡᠪᠲᠡᠷᠡᠨ ᠤᠷᠤᠬᠤ
ᠳᠤᠭᠰᠢᠨ ᠬᠠᠷ᠎ᠠ ᠶᠢᠨ ᠰᠢᠨ᠎ᠠ ᠰᠠᠯᠠᠭ᠎ᠠ

ᠠᠷᠢᠭᠢ ᠭᠡᠳᠡᠭ᠌ ᠴᠢᠨᠢ ᠠᠮᠳᠠᠳᠠᠢ ᠯᠠ ᠭᠡᠵᠤ

ᠠᠬ᠎ᠠ ᠶᠢᠨ ᠰᠢᠯᠤᠰᠤᠨ ᠳᠤ ᠥᠭᠡᠯᠡᠭ᠍ᠳᠡᠨ᠎ᠡ

ᠠᠷᠢᠭᠤᠨ ᠢᠳᠡᠭᠡᠨ ᠤ ᠳᠡᠭᠡᠵᠢ ᠰᠢᠤ ᠭᠡᠵᠤ

ᠠᠪᠣ ᠶᠢᠨ ᠬᠤᠠᠳᠠᠭᠠᠨ ᠳᠤ ᠮᠠᠯᠮᠠᠯᠵᠠᠨ᠎ᠠ


ᠰᠢᠵᠢᠷ ᠨᠠᠰᠤᠨ ᠤ ᠰᠤᠨᠢᠭᠤᠴᠠᠯ ᠳᠤ

ᠰᠤᠭᠳᠤᠭᠤᠷᠠᠯ ᠪᠣᠯᠵᠤ ᠳᠠᠯᠠᠯᠤᠨ᠎ᠠ

ᠰᠢᠯ ᠯᠤᠩᠬᠤᠨ ᠤ ᠪᠦᠭᠯᠡᠭᠡ ᠬᠤᠪᠬᠤᠯᠵᠤ

ᠰᠡᠳᠭᠢᠯ ᠤᠨ ᠴᠤᠩᠬᠤ ᠪᠠᠷ ᠴᠠᠯᠭᠢᠨ᠎ᠠ


ᠮᠤᠩᠭ᠋ᠤᠯ ᠪᠣᠯ ᠠᠷᠢᠭᠢ ᠣᠭᠤᠤᠳᠠᠭ ᠭᠡᠵᠤ

ᠮᠠᠨ ᠤ ᠭᠡᠨ ᠨᠢ ᠮᠡᠷᠭᠡᠯᠡᠭᠡᠳ

ᠮᠠᠠᠵᠢᠩ ᠪᠠᠢ᠌ᠭᠰᠠᠨ ᠴᠤ ᠭᠠᠷᠭ᠎ᠠ ᠭᠡᠵᠤ

ᠨᠢᠭᠤᠷ ᠶᠢᠡᠨ ᠪᠠᠷᠠᠵᠤ᠂ ᠭᠦᠮᠤᠨ ᠶᠢᠡᠨ ᠭᠡᠭᠡᠨ᠎ᠡ


ᠠᠭᠠᠭ ᠢ ᠨᠢ ᠭᠡᠯᠡᠪᠠᠯ ᠳᠦᠴᠢᠨ ᠳᠠᠪᠤᠨ ᠊ᠭ᠍ᠷᠡᠳᠦᠰ

ᠠᠭᠠᠰᠢ ᠶᠢ ᠨᠢ ᠭᠡᠯᠡᠪᠠᠯ ᠳᠦᠴᠢᠨ ᠳᠠᠪᠤᠨ ᠠᠯᠳᠠᠭ᠎ᠠ

ᠠᠬᠠᠳᠠᠭᠤᠯᠵᠤ ᠮᠡᠷᠭᠡᠯᠡᠪᠠᠯ ᠶ‍ᠢᠰᠤᠨ ᠦᠷᠯᠦᠭ᠌ ᠤᠨ ᠨᠢᠭᠡ

ᠣᠨᠤᠭᠠᠵᠤ ᠶᠠᠷᠢᠪᠠᠯ ᠦᠨᠦᠴᠢᠨ ᠭᠦᠪᠠᠭᠦᠨ ᠤ ᠱᠠᠰᠳᠢᠷ


ᠰᠢᠨ᠎ᠠ ᠡᠷᠡᠨ ᠳᠤ ᠰᠤᠶᠤᠯ ᠪᠣᠯ ᠰᠢᠳᠦᠭᠡᠨ

ᠰᠢᠳᠦᠭᠡᠨ ᠳᠤ ᠪᠠᠨ ᠠᠷᠢᠭᠢ ᠡᠷᠭᠦᠪᠠᠯ ᠰᠠᠢ᠌ᠬᠠᠨ

ᠴᠢᠩᠭᠢᠰ ᠤᠨ ᠦᠶ᠎ᠡ ᠶᠢᠨ ᠠᠷᠢᠭᠢᠨ ᠰᠤᠶᠤᠯ ᠤᠨ

ᠴᠡᠭᠡᠷ ᠶᠤᠰᠤ ᠨᠢ ᠨᠠᠩ ᠰᠠᠢ᠌ᠬᠠᠨ


ᠪᠠᠯ ᠰᠢᠭ ᠠᠮᠳᠠ ᠶᠢ ᠨᠢ ᠪᠠᠭ᠎ᠠ ᠠᠮᠠᠰᠠᠵᠤ ᠵᠢᠷᠭᠠᠶ᠎ᠠ

ᠪᠠᠷᠰ ᠰᠢᠭ ᠠᠭᠠᠰᠢ ᠶᠢ ᠨᠢ ᠪᠦᠷᠢᠯᠳᠦᠯ ᠡᠴᠡ ᠨᠢ ᠨᠤᠮᠤᠬᠠᠳᠬᠠᠶ᠎ᠠ

ᠠᠵᠢᠯ ᠤᠨ ᠶᠠᠭᠠᠷᠠᠤ ᠳᠤ ᠠᠪᠳᠠᠷ᠎ᠠ ᠶᠢᠨ ᠢᠷᠤᠭᠠᠷ ᠰᠠᠭᠢᠭᠤᠯᠤᠶ᠎ᠠ  

ᠠᠮᠵᠢᠯᠳᠠ ᠶᠢᠨ ᠦᠨᠳᠦᠷ ᠲᠤ ᠠᠮᠠᠨ ᠤ ᠭᠡᠰᠢᠭ᠌ ᠪᠣᠯᠭᠠᠶ᠎ᠠ


ᠨᠠᠰᠤᠨ ᠳᠤ ᠭᠦᠷᠭᠦ ᠡᠴᠡ ᠡᠮᠦᠨ᠎ᠡ ᠨᠠᠢ᠌ᠵᠠᠯᠠᠵᠤ ᠶᠠᠪᠣᠬᠤ ᠶᠢ ᠴᠡᠭᠡᠷᠯᠡᠶ᠎ᠡ

ᠨᠠᠢ᠌ᠷ ᠤᠨ ᠰᠢᠷᠡᠭᠡᠨ ᠳᠤ ᠦᠷᠢᠰᠤᠵᠤ ᠣᠤᠭᠤᠬᠤ ᠶᠢ ᠭᠢᠴᠢᠶᠡᠶ᠎ᠡ

ᠨᠠᠰᠤᠳᠠᠨ ᠪᠣᠭᠤᠷᠤᠯᠴᠤᠳ ᠲᠤ ᠪᠠᠨ ᠭᠦᠡᠳᠦᠳᠭᠡᠯ ᠪᠣᠯᠭᠠᠨ ᠡᠷᠭᠦᠶ᠎ᠡ

ᠨᠠᠢ᠌ᠵᠠ ᠨᠥᠭᠦᠤᠨ ᠲᠤ ᠪᠠᠨ ᠰᠡᠳᠭᠢᠯ ᠪᠣᠯᠭᠠᠨ ᠪᠠᠷᠢᠶ᠎ᠠ


ᠠᠷᠢᠭᠢ ᠭᠡᠳᠡᠭ᠌ ᠤᠨ ᠠᠷᠢᠭᠤᠨ ᠨᠢ ᠦᠨᠡᠨ

ᠠᠪᠣ ᠶᠢᠨ ᠦᠶ᠎ᠡ ᠶᠢᠨ ᠦᠪ ᠨᠢ ᠦᠨᠡᠨ  

ᠠᠩᠭ᠋᠎ᠠ ᠳᠡᠭᠦᠤ ᠨᠡᠷ ᠤᠨ ᠴᠡᠭᠡᠷ ᠨᠢ ᠦᠨᠡᠨ  

ᠠᠮᠰᠠᠵᠤ ᠵᠢᠷᠭᠠᠬᠤ ᠶᠢᠨ ᠰᠤᠷᠳᠠᠯ ᠨᠢ ᠦᠨᠡᠨ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ