ᠨᠡᠪᠲᠡᠷᠡᠨ ᠤᠷᠤᠬᠤ
ᠮᠤᠷᠢ

ᠮᠤᠩᠭ᠋ᠤᠯᠴᠤᠳ ᠪᠦᠭᠦᠨ ᠮᠤᠷᠢᠨ ᠳᠠᠭᠠᠨ ᠬᠠᠢ᠌ᠷᠠᠳᠠᠢ

ᠮᠤᠯᠤᠷ ᠡᠷᠳᠡᠨᠢ ᠰᠢᠭ ᠪᠠᠶ᠎ᠠ ᠳ᠋ᠤᠨᠢ ᠬᠠᠢ᠌ᠷᠠᠳᠠᠢ

ᠮᠤᠩᠭ᠋ᠤᠯᠴᠤᠳ ᠤᠨ ᠠᠮᠢᠳᠤᠷᠠᠯ ᠠᠬᠤᠢ

ᠮᠤᠷᠢᠨ ᠨᠢᠷᠤᠭᠤᠨ ᠳᠡᠭᠡᠷ᠎ᠡ ᠴᠤᠭᠰᠢᠭᠰᠠᠨ ᠪᠣᠯᠬᠤᠷ

ᠠᠭᠰᠤᠮ ᠭᠦᠯᠦᠭ᠌ ᠮᠤᠷᠢᠳ ᠶᠢᠡᠨ

ᠠᠷᠠᠯᠵᠢᠶ᠎ᠠ ᠬᠤᠳᠠᠯᠳᠤᠭ᠎ᠠ ᠪᠠᠷ ᠰᠤᠯᠢᠬᠤ ᠦᠭᠡᠶ

ᠠᠷᠢᠭᠤᠨ ᠨᠠᠠᠳᠢᠨ ᠰᠠᠤᠠᠭᠢᠯ ᠳᠡᠭᠡᠨ ᠬᠠᠢ᠌ᠷᠠᠯᠠᠶ᠎ᠠ᠂ ᠬᠠᠮᠠᠭᠠᠯᠠᠶ᠎ᠠ︕

ᠠᠳᠠᠷ ᠨᠤᠭᠤᠭᠠᠨ ᠳᠠᠯ᠎ᠠ ᠳᠠᠭᠠᠨ ᠥᠰᠭᠡᠶ᠎ᠡ᠂ ᠥᠷᠡᠵᠢᠭᠦᠯᠦᠶ᠎ᠡ︕

ᠮᠤᠷᠢ

ᠬᠤᠮᠪᠤᠨ ᠳᠦᠷᠪᠡᠨ ᠳᠤᠭᠤᠷᠠᠢ ᠪᠠᠷ ᠶᠢᠡᠨ

ᠬᠤᠷᠸ᠎ᠠ ᠶᠢᠨ ᠬᠠᠭᠠᠰ ᠢ ᠡᠪᠭᠡᠵᠤ

ᠬᠠᠭᠤᠴᠢᠷᠠᠵᠤ ᠪᠠᠯᠠᠷᠠᠬᠤ ᠦᠭᠡᠶ ᠮᠤᠩᠭ᠋ᠤᠯ ᠤᠨ ᠳᠡᠦᠭᠡ ᠶᠢ

ᠡᠵᠡᠨ ᠲᠡᠶ ᠪᠠᠨ ᠬᠠᠮᠳᠤ ᠪᠦᠳᠦᠭᠡᠭ᠍ᠰᠡᠨ ᠭᠠᠪᠢᠶᠠᠳᠠᠨ᠃

ᠮᠤᠷᠢ

ᠮᠤᠩᠭ᠋ᠤᠯ ᠤᠨ ᠭᠦᠭᠡ ᠳᠤᠭ ᠢ

ᠨᠢᠷᠤᠭᠤᠨ ᠳᠠᠭᠠᠨ ᠨᠠᠮᠢᠷᠠᠭᠤᠯᠤᠭᠰᠠᠨ

ᠮᠥᠩᠭᠡᠷᠡᠨ ᠵᠢᠭ᠍ᠳᠡᠷᠡᠨ ᠰᠥᠡᠳᠦᠷᠯᠡᠭᠦ

ᠮᠦᠰᠤᠳᠤ ᠠᠭᠤᠯᠠᠨ ᠤ ᠣᠷᠭᠢᠯ ᠡ

ᠮᠤᠷᠢ

ᠮᠠᠭᠳᠠᠭᠠᠯ ᠳᠠᠭᠤᠤ ᠶᠢᠨ ᠣᠶᠠᠬᠠᠨ ᠨᠤᠲ᠋ ᠢ

ᠮᠢᠩᠭ᠋ᠠᠨ ᠦᠶ᠎ᠡ ᠳᠤ ᠬᠠᠩᠭᠢᠨᠠᠭᠤᠯᠤᠭᠰᠠᠨ ᠣᠶᠠᠩᠭ᠋ᠠᠨ ᠴᠤᠤᠷᠢᠶ᠎ᠠ︕

ᠮᠤᠷᠢ

ᠣᠰᠤᠨ ᠳᠠᠯᠠᠮᠠᠨ ᠵᠢᠷᠤᠭ᠎ᠠ ᠪᠠᠷ ᠶᠢᠡᠨ

ᠣᠯᠠᠨ ᠤ ᠪᠠᠨ ᠵᠢᠷᠦᠭᠡ ᠶᠢ ᠭᠦᠡᠳᠡᠭ᠍ᠰᠡᠨ ᠢᠵᠢᠯᠢᠰᠢᠳᠠᠨ᠃

ᠮᠤᠷᠢ

ᠴᠢᠰᠤᠳᠤ ᠳᠠᠢ᠌ᠨ᠂ ᠳᠡᠭ᠍ᠷᠢ ᠲᠡᠶ ᠰᠤᠮᠤᠨ ᠤ ᠳᠤᠮᠳᠠᠭᠤᠷ

ᠢᠪᠴᠤᠤ ᠰᠦᠷᠠᠨ᠂ ᠡᠰᠡᠷᠭᠦᠴᠡᠵᠤ ᠰᠢᠪᠳᠤᠯᠤᠭᠰᠠᠨ

ᠭᠦᠴᠤ ᠵᠤᠷᠢᠭ ᠶᠡᠭᠡᠳᠡᠢ

ᠭᠦᠭᠡ ᠳᠡᠭ᠍ᠷᠢ ᠶᠢᠨ ᠳᠠᠭᠤ ᠦᠭᠡᠶ ᠨᠢᠰᠭᠡᠯ᠃

ᠮᠤᠷᠢ

ᠮᠤᠩᠭ᠋ᠤᠯᠴᠤᠳ ᠤᠨ ᠮᠠᠭᠳᠠᠵᠤ ᠪᠠᠷᠠᠰᠢ ᠦᠭᠡᠶ ᠳᠡᠦᠭᠡ ᠶᠢ

ᠨᠢᠷᠤᠭᠤᠨ ᠳᠠᠭᠠᠨ ᠰᠢᠩᠭᠡᠭᠡᠭ᠍ᠰᠡᠨ ᠮᠤᠯᠤᠷ ᠡᠷᠳᠡᠨᠢ

ᠳᠠᠶᠠᠩ ᠳᠡᠯᠡᠭᠡᠢ ᠶᠢ ᠳᠤᠭᠤᠷᠢᠭᠰᠠᠨ

ᠳᠠᠯᠠᠪᠴᠢ ᠦᠭᠡᠶ ᠭᠦᠴᠦᠳᠡᠢ ᠵᠢᠭᠦᠷᠳᠡᠨ᠃

ᠮᠤᠷᠢ

ᠡᠵᠡᠨ ᠳᠡᠭᠡᠨ ᠡᠭᠡᠯᠢᠳᠡᠢ

ᠡᠭᠡᠷᠡᠮᠴᠢ ᠭᠡᠭᠦᠤ ᠶᠢᠨ ᠣᠨᠠᠭ᠎ᠠ

ᠡᠭᠡ ᠣᠷᠤᠨ ᠶᠢᠡᠨ ᠬᠠᠮᠠᠭᠠᠯᠠᠭᠰᠠᠨ

ᠡᠭᠡᠯ ᠵᠢᠷ ᠤᠨ ᠬᠠᠷᠠᠭᠤᠯᠴᠢ᠃

ᠮᠤᠷᠢ

ᠮᠠᠭᠳᠠᠵᠤ ᠪᠠᠷᠠᠰᠢ ᠦᠭᠡᠶ ᠮᠤᠩᠭ᠋ᠤᠯ ᠤᠨ ᠭᠦᠭᠡ ᠳᠡᠦᠭᠡ

ᠮᠤᠷᠢ ᠪᠣᠯ ᠵᠣᠢ᠌ᠷᠠᠯᠠᠵᠤ ᠬᠠᠨᠤᠰᠢ ᠦᠭᠡᠶ ᠭᠡᠭᠡᠮᠰᠦᠭ᠌ ᠵᠢᠰᠤ

ᠮᠤᠷᠢ ᠪᠣᠯ ᠠᠶᠠᠯᠠᠵᠤ ᠳᠠᠭᠤᠰᠤᠰᠢ ᠦᠭᠡᠶ ᠣᠷᠳᠤ ᠤᠨ ᠳᠠᠭᠤᠤ

ᠮᠤᠷᠢ ᠪᠣᠯ ᠥᠯᠢᠭᠡᠷᠯᠡᠵᠤ ᠪᠠᠷᠠᠰᠢ ᠦᠭᠡᠶ ᠳᠡᠦᠭᠡ ᠶᠢᠨ ᠷᠤᠮᠠᠨ

ᠮᠤᠷᠢ ᠁

ᠮᠤᠩᠭ᠋ᠤᠯ ᠮᠤᠷᠢ ᠮᠢᠨᠢ ᠬᠤᠷᠤᠢ ᠬᠤᠷᠤᠢ ᠬᠤᠷᠤᠢ

ᠮᠤᠩᠭ᠋ᠤᠯ ᠳᠡᠦᠭᠡ ᠮᠢᠨᠢ ᠥᠷᠭᠦᠯᠵᠢᠯᠡᠨ ᠥᠷᠭᠦᠯᠵᠢᠯᠡᠨ ᠥᠷᠭᠦᠯᠵᠢᠯᠡ︕

ᠮᠤᠩᠭ᠋ᠤᠯ ᠣᠭᠰᠠᠭᠠᠳᠠᠨ ᠮᠢᠨᠢ ᠮᠠᠠᠳᠠ ᠮᠠᠠᠳᠠ ᠮᠠᠠᠳᠠ

ᠮᠤᠷᠢᠳᠠᠢ ᠮᠤᠩᠭ᠋ᠤᠯᠴᠤᠳ ᠮᠢᠨᠢ ᠳᠠᠪᠭᠢ ᠳᠠᠪᠭᠢ ᠳᠠᠪᠭᠢ︕

ᠵᠤᠬᠢᠶᠠᠭᠴᠢ᠄ ᠶᠠᠩᠵᠢᠠᠼᠤᠤ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3220
ᠴᠠᠭ᠄ 2006 ᠤᠨ ᠤ 10 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ