☆ ᠪᠦᠭᠡᠴᠢᠯᠡᠭᠤ
ᠬᠤᠭᠤᠯᠠ ᠲᠡᠶ ᠪᠣᠷᠤᠭᠠᠨ
ᠨᠠᠷᠠᠨ ᠤ ᠢᠯᠴᠢᠨ ᠳᠤ ᠬᠠᠯᠠᠭᠰᠠᠨ ᠭᠠᠵᠠᠷ
ᠬᠤᠷ᠎ᠠ ᠪᠣᠷᠤᠭᠠᠨ ᠳᠤ ᠣᠮᠳᠠᠯᠠᠨ ᠵᠢᠷᠠᠭᠠᠭᠠᠤᠨ
ᠰᠤᠷᠭᠤᠭ ᠨᠤᠭᠤᠭᠠᠨ ᠤ ᠰᠡᠪᠠᠯᠵᠡᠭ᠍ᠰᠡᠨ ᠦᠨᠦᠷ ᠳᠤ
ᠬᠠᠮᠠᠷ ᠲᠡᠶ ᠪᠦᠭᠦᠨ ᠰᠤᠭᠳᠤᠨ ᠪᠠᠶᠠᠰᠤᠭᠠᠤᠨ
ᠬᠡᠦᠬᠡᠳ ᠰᠢᠪᠠᠭᠤ ᠴᠡᠩᠭᠡᠨ ᠱᠤᠯᠤᠭᠠᠨᠠᠵᠤ
ᠮᠦᠴᠢᠷ ᠨᠠᠪᠴᠢ ᠣᠭᠢᠶᠠᠭᠳᠠᠨ ᠳᠠᠷᠪᠠᠯᠵᠠᠵᠤ
ᠠᠭᠤᠳᠠᠮ ᠨᠤᠳᠤᠭ ᠣᠯᠠᠮ ᠳᠡᠨᠢᠭᠦᠨ ᠳᠡᠯᠡᠭ᠍ᠳᠡᠵᠤ
ᠭᠦᠭᠡ ᠳᠡᠭ᠍ᠷᠢ ᠠᠷᠴᠢᠭᠰᠠᠨ ᠮᠠᠳᠤ ᠪᠢᠠᠳᠠᠷᠢᠶᠠᠨᠠ
ᠳᠠᠷᠭᠤᠨ ᠰᠡᠭᠦᠯ ᠲᠡᠶ ᠬᠤᠷᠠᠭ᠎ᠠ ᠳᠤᠭᠯᠠᠯᠳᠤᠭᠰᠠᠨ
ᠳᠠᠯ᠎ᠠ ᠭᠦᠳᠡᠭᠡ ᠥᠩᠰᠢᠭ᠌ ᠳᠤᠷᠭᠠᠨ ᠵᠢᠷᠤᠭ ᠳᠠᠢ
ᠥᠭᠡᠳᠡ ᠪᠠᠨ ᠳᠠᠳᠠᠭᠰᠠᠨ ᠠᠮᠢᠳᠤᠷᠠᠯ ᠰᠢᠭ
ᠭᠦᠰᠡᠯᠳᠡᠢ ᠬᠠᠪᠣᠷ ᠢ ᠦᠳᠡᠨ ᠮᠤᠷᠳᠠᠭᠤᠯᠤᠨ᠎ᠠ
ᠬᠤᠭᠤᠯᠠ ᠲᠡᠶ ᠪᠣᠷᠤᠭᠠᠨ᠂ ᠬᠤᠭᠤᠯᠠ ᠲᠡᠶ ᠪᠣᠷᠤᠭᠠᠨ
ᠬᠤᠨᠤᠭ ᠶᠢᠡᠷ ᠰᠢᠪᠠᠷᠡᠭᠡᠳ
ᠳᠡᠯᠡᠭᠡᠢ ᠮᠢᠨᠢ ᠨᠢᠷᠤᠭᠤ ᠰᠤᠨᠢᠶᠠᠨ᠎ᠠ
ᠬᠤᠪᠣᠷᠬᠠᠨ ᠴᠡᠴᠡᠭᠡᠰ ᠴᠤ ᠣᠷᠭᠤᠨ ᠲᠦᠯᠵᠢᠭᠡᠳ
ᠬᠤᠷᠸ᠎ᠠ ᠮᠠᠩᠨᠤᠭ ᠡᠮᠦᠰᠦᠭᠡᠳ ᠪᠠᠢ᠌ᠭ᠎ᠠ ᠠᠳᠠᠯᠢ ᠤᠤ
ᠪᠣᠷᠤᠭᠠᠨ ᠳᠠᠯᠢᠷᠠᠭᠠᠤᠨ
ᠨᠠᠷᠠᠨ ᠳᠤᠯᠠᠢ᠌ᠭᠠᠤᠨ
ᠭᠠᠵᠠᠷ ᠠᠮᠤᠷᠠᠭᠠᠤᠨ
ᠬᠤᠭᠤᠯᠠ ᠲᠡᠶ ᠪᠣᠷᠤᠭᠠᠨ ᠥᠨᠡᠭᠡᠷ ᠭᠤᠶᠤ ᠤᠤ
ᠵᠤᠬᠢᠶᠠᠭᠴᠢ ᠶᠢᠨ ᠬᠠᠶᠢᠭ᠄ ᠣᠯᠠᠭᠠᠢ ᠬᠠᠮᠢᠶᠠᠷᠤᠯᠳᠠ ᠶᠢᠨ ᠣᠷᠤᠨ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ